ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠯᠠᠪᠳ᠋ᠠᠭᠤᠨ ᠪᠠᠳ᠋ᠤᠳ᠋ᠠᠢ ᠦᠷᠨᠢᠬᠦᠯᠵᠤ᠂ ᠰᠢ᠍ᠯᠢ᠍ᠳ᠋ᠡᠭ᠌ ᠬᠢᠷᠢ ᠪᠦᠳ᠋ᠦᠮᠵᠢ ᠪᠠᠷ ᠨᠠᠮ ᠪᠠᠢ᠌ᠭᠤᠯᠤᠭᠳ᠋ᠠᠭᠰᠠᠨ100 ᠵᠢᠯ ᠤᠨ ᠤᠢ ᠶᠢ ᠤᠭᠳ᠋ᠤᠶ᠎ᠠ


ᠨᠠᠮ ᠪᠠᠢ᠌ᠭᠤᠯᠤᠭᠳ᠋ᠠᠭᠰᠠᠨ100 ᠵᠢᠯ ᠤᠨ ᠤᠢ ᠶᠢ ᠪᠡᠯᠭᠡᠯᠡᠬᠦ ᠶᠢᠨ ᠲᠠᠰᠢ᠍ᠷᠠᠮ ᠳᠤ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠪᠦᠬᠦ ᠲᠠᠯ᠎ᠠ ᠪᠠᠷ ᠦᠷᠨᠢᠬᠦᠯᠪᠡ᠃ ᠤᠢ᠌ᠷ᠎ᠠ ᠳ᠋ᠦ᠂ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠪᠠ ᠪᠠᠢ᠌ᠭᠤᠯᠭ᠎ᠠ ᠶᠢᠨ ᠨᠠᠮ ᠤᠨ ᠤᠳ᠋ᠤᠷᠢ᠍ᠳᠬᠤ ᠲᠤᠭᠤᠢ᠌ᠯᠠᠩ᠂ ᠪᠠᠢ᠌ᠭᠤᠯᠭ᠎ᠠ ᠶᠢᠨ ᠨᠠᠮ ᠤᠨ ᠡᠭᠦᠷ ᠡᠴᠡ ᠨᠠᠮ ᠤᠨ ᠭᠡᠰᠢ᠍ᠭᠦᠨ ᠺᠠᠳ᠋ᠷ ᠢ ᠵᠤᠬᠢᠶᠠᠨ ᠪᠠᠢ᠌ᠭᠤᠯᠵᠤ ᠶᠡᠷᠦᠩᠬᠡᠢ ᠱᠦ᠋ᠵᠢ ᠰᠢ ᠵᠢᠨ ᠫᠢᠩ ᠤᠨ ᠴᠢ᠍ᠬᠤᠯᠠ ᠶᠠᠷᠢ᠍ᠶᠠᠨ ᠤ ᠵᠤᠷᠢ᠍ᠭ ᠰᠠᠨᠠᠭ᠎ᠠ ᠪᠠ ᠨᠠᠮ ᠤᠨ ᠲᠦ᠋ᠪ ᠬᠤᠷᠢ᠍ᠶ᠎ᠠ᠂ ᠦᠪᠡᠷᠳ᠋ᠡᠭᠡᠨ ᠵᠠᠰᠠᠬᠤ ᠤᠷᠤᠨ ᠤ ᠨᠠᠮ ᠤᠨ ᠬᠤᠷᠢ᠍ᠶ᠎ᠠ᠂ ᠬᠤᠳ᠋ᠠ ᠶᠢᠨ ᠰᠢ᠌ᠳᠪᠤᠷᠢ᠍ᠳ᠋ᠤ ᠪᠤᠳ᠋ᠤᠯᠭ᠎ᠠ ᠶᠢᠨ ᠪᠠᠢ᠌ᠷᠢ᠍ᠯᠠᠭᠤᠯᠤᠯᠳ᠋ᠠ ᠶᠢ ᠨᠠᠷᠢ᠍ᠨ ᠬᠢᠨᠠᠮᠠᠭᠠᠢ ᠲᠤᠭᠤᠰᠢ᠍ᠯᠠᠭᠤᠯᠤᠨ ᠨᠠᠢ᠌ᠳ᠋ᠠᠪᠤᠷᠢ᠍ᠵᠢ᠍ᠭᠤᠯᠵᠤ᠂ ᠬᠤᠰᠢ᠍ᠭᠤᠨ ᠤ ᠨᠠᠮ ᠤᠨ ᠬᠤᠷᠢ᠍ᠶᠠᠨ ᠤ ᠲᠤᠬᠢᠷᠠᠭᠤᠯᠤᠯᠳ᠋ᠠ ᠪᠠᠷ᠂ ᠨᠠᠮ ᠤᠨ ᠲᠡᠦᠬᠡ ᠶᠢ ᠰᠤᠷᠤᠯᠴᠠᠵᠤ᠂ ᠦᠵᠡᠯ ᠰᠠᠨᠠᠭ᠎ᠠ ᠶᠢ ᠤᠬᠠᠪᠤᠷᠢ᠍ᠯᠠᠨ᠂ ᠪᠤᠳ᠋ᠠᠳ᠋ᠤ ᠠᠵᠢ᠍ᠯ ᠬᠢᠵᠦ᠂ ᠰᠢ᠍ᠨ᠎ᠠ ᠪᠠᠢ᠌ᠳ᠋ᠠᠯ ᠢ ᠨᠡᠭᠡᠭᠡᠨ᠂ ᠲᠡᠷᠦᠢ ᠳ᠋ᠤᠨᠢ ᠤᠯᠠᠨ ᠬᠡᠯᠪᠡᠷᠢ ᠪᠡᠷ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠵᠤᠬᠢᠶᠠᠨ ᠪᠠᠢ᠌ᠭᠤᠯᠵᠤ ᠦᠷᠨᠢᠭᠦᠯᠦᠨ᠂ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠦᠷᠨᠢᠯᠳ᠋ᠡ ᠶᠢ ᠪᠤᠢ ᠪᠣᠯᠭᠠᠪᠠ᠃


3 ᠰᠠᠷ᠎ᠠ ᠶᠢᠨ19 ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠪᠦᠬᠦ ᠨᠠᠮ ᠤᠨ ᠭᠡᠰᠢ᠍ᠭᠦᠨ ᠺᠠᠳ᠋ᠷᠴᠤᠳ ᠲᠦ᠋ᠪ ᠬᠤᠷᠢ᠍ᠶᠠᠨ ᠤ ᠨᠠᠮ ᠤᠨ ᠰᠤᠷᠭᠠᠭᠤᠯᠢ (ᠤᠯᠤᠰ ᠤᠨ ᠵᠠᠰᠠᠭ ᠵᠠᠬᠢᠷᠭᠠᠨ ᠤ ᠲᠡᠭᠡᠳ᠋ᠦ ᠰᠤᠷᠭᠠᠭᠤᠯᠢ) ᠶᠢᠨ ᠲᠤᠤᠷ ᠰᠦ᠋ᠯᠵᠢ᠍ᠶᠡᠨ ᠤ ᠬᠢᠴᠢ᠍ᠶᠡᠯᠯᠡᠭᠡ 《 ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠲᠡᠦᠬᠡ ᠶᠢᠨ ᠲᠤᠰᠬᠠᠢ ᠰᠡᠳ᠋ᠦᠪᠳ᠋ᠦ ᠲᠠᠢ᠌ᠯᠤᠮᠵᠢ ᠶᠢᠨ ᠨᠢ᠍ᠭᠡᠳ᠋ᠦᠭᠡᠷ ᠶᠠᠷᠢ᠍ᠶ᠎ᠠ ᠄ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠶᠠᠭᠤᠨ ᠤ ᠤᠴᠢ᠍ᠷ ᠡᠴᠡ 〈 ᠲᠡᠢ᠌ᠯᠬᠦ〉》 ᠭᠡᠬᠦ ᠲᠠᠢ᠌ᠯᠤᠮᠵᠢ ᠶᠢᠨ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠶᠠᠭᠠᠬᠢᠭᠠᠳ ᠰᠢ᠍ᠨ᠎ᠠ ᠲᠤᠮᠳ᠋ᠠᠳ᠋ᠤ ᠤᠯᠤᠰ ᠢ ᠪᠠᠢ᠌ᠭᠤᠯᠵᠤ ᠲᠠᠢ᠌ᠯᠦᠭ᠍ᠰᠨᠨ ᠪᠤᠢ᠂ ᠶᠠᠭᠠᠬᠢᠭᠠᠳ ᠭᠤᠮᠢ᠍ᠨᠳ᠋ᠠᠩ ᠤᠨ ᠦᠯᠡᠳ᠋ᠡᠭᠡᠭ᠍ᠰᠨᠨ ᠶᠠᠷᠰᠢ᠍ᠭ ᠲᠦ᠋ᠪᠡᠭ᠌ ᠢ ᠴᠡᠪᠡᠷᠯᠡᠵᠤ ᠲᠡᠢᠯᠦᠭᠰᠡᠨ ᠪᠤᠢ᠂ ᠶᠠᠭᠠᠬᠢᠭᠠᠳ ᠬᠦᠨᠳ᠋ᠦ ᠨᠦ᠋ᠴᠢ᠍ᠳ᠋ᠠᠢ ᠠᠯᠳ᠋ᠠᠭ᠎ᠠ ᠤᠰᠤᠯ ᠭᠠᠷᠭᠠᠵᠤ ᠦᠩᠭᠡᠷᠡᠭᠰᠡᠨ ᠪᠤᠯᠪᠠᠴᠤ ᠪᠠᠰᠠ ᠠᠷᠠᠳ ᠲᠦ᠋ᠮᠡᠨ ᠤ ᠲᠡᠮᠵᠢ᠍ᠯᠭᠡ ᠶᠢ ᠤᠯᠵᠤ ᠴᠢ᠍ᠳ᠋ᠠᠭᠰᠠᠨ ᠪᠤᠢ᠂ ᠶᠠᠭᠠᠬᠢᠭᠠᠳ ᠤᠳ᠋ᠤᠬᠢᠴᠢ᠍ᠯᠠᠯᠳ᠋ᠠ ᠶᠢᠨ ᠪᠦᠳ᠋ᠦᠭᠡᠨ ᠪᠠᠢ᠌ᠭᠤᠯᠤᠯᠳ᠋ᠠ ᠶᠢᠨ ᠯᠤᠳ᠋ᠤ ᠶᠡᠬᠡ ᠠᠮᠵᠢ᠍ᠯᠳ᠋ᠠ ᠶᠢ ᠤᠯᠵᠤ ᠴᠢ᠍ᠳ᠋ᠠᠭᠰᠨᠨ ᠪᠤᠢ ᠭᠡᠬᠦ ᠲᠦ᠋ᠷᠪᠡᠨ ᠠᠰᠠᠭᠤᠳ᠋ᠠᠯ ᠢ ᠰᠢ᠍ᠰᠲ᠋ᠸᠮ ᠲᠡᠶ ᠰᠤᠷᠤᠯᠴᠠᠪᠠ᠃ ᠤᠯᠠᠨ ᠪᠦᠭᠦᠳ᠋ᠡᠭᠡᠷ ᠶᠢᠡᠨ ᠲᠡᠦᠬᠡ ᠶᠢᠨ ᠲᠤᠮᠳ᠋ᠠ ᠡᠴᠡ ᠬᠠᠷᠢ᠍ᠭᠤᠯᠳ᠋ᠠ ᠡᠷᠢ᠍ᠨ᠂ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠶᠠᠭᠤᠨ ᠤ ᠤᠴᠢ᠍ᠷ ᠡᠴᠡ ᠲᠡᠢ᠌ᠯᠬᠦ ᠶᠢ ᠦᠬᠦᠯᠡᠵᠤ᠂ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠢ ᠰᠠᠢ᠌ᠳ᠋ᠤᠷ ᠦᠷᠨᠢᠬᠦᠯᠬᠦ ᠢᠳ᠋ᠡᠭᠡᠯ ᠵᠤᠷᠢ᠍ᠭ ᠶᠢᠡᠨ ᠤᠯᠠᠮ ᠨᠢ᠍ᠭᠡ ᠠᠯᠬᠤᠮ ᠴᠢ᠍ᠩᠭ᠋ᠠᠷᠠᠭᠤᠯᠪᠠ᠃(ᠯᠸᠢ ᠫᠠᠩ)