
3 ᠰᠠᠷ᠎ᠠ ᠶᠢᠨ 23 ᠤ ᠦᠳ᠋ᠡ ᠶᠢᠨ ᠡᠮᠦᠨ᠎ᠠ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠭᠤᠯᠭ᠎ᠠ ᠲᠤᠰᠬᠠᠢ ᠰᠡᠳ᠋ᠦᠪᠳ᠋ᠤ ᠬᠤᠷᠠᠯ ᠬᠤᠷᠠᠯᠳ᠋ᠤᠭᠤᠯᠵᠤ ᠲᠦ᠋ᠪ ᠤᠨ ᠵᠤᠬᠢᠶᠠᠨ ᠪᠠᠢ᠌ᠭᠤᠯᠬᠤ ᠬᠡᠯᠳ᠋ᠡᠰ ᠪᠠ ᠲᠦ᠋ᠪ ᠤᠨ ᠷᠠᠳᠢᠤ᠋ ᠲᠸᠯᠸᠢ᠍ᠰ ᠤᠨ ᠶᠡᠷᠦᠩᠬᠡᠢ ᠲᠠᠪᠴᠠᠩ ᠲᠡᠶ ᠬᠤᠯᠪᠤᠭᠠᠯᠠᠵᠤ ᠬᠠᠮᠳᠤᠷᠠᠨ ᠬᠢᠭ᠍ᠰᠡᠨ 《 ᠲᠠᠭᠤᠷᠢ᠍ᠶᠠᠯ 5》 ᠭᠡᠬᠦ ᠲᠤᠰᠬᠠᠢ ᠰᠡᠳ᠋ᠦᠪᠳ᠋ᠤ ᠫᠷᠦᠭ᠍ᠷᠠᠮ ᠢ ᠬᠦᠯᠢ᠍ᠶᠠᠨ ᠠᠪᠴᠤ ᠦᠵᠡᠪᠡ᠃ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠲᠡᠳ᠋ ᠡᠷᠬᠢᠯᠡᠭ᠍ᠴᠢ ᠡᠦ ᠰᠢ᠍ᠶᠤᠤ᠂ ᠪᠥ᠋ ᠮᠤᠤ ᠰᠢ᠍ᠶᠠᠩ᠂ ᠰᠦ᠋ᠩ ᠯᠢ᠍ᠶᠠᠨ ᠡᠾᠦ᠋ᠢ᠂ ᠪᠠᠢ᠌ᠩᠭ᠋ᠤ ᠶᠢᠨ ᠬᠤᠷᠢ᠍ᠶᠠᠨ ᠤ ᠨᠠᠷᠢ᠍ᠨ ᠪᠢᠴᠢ᠍ᠭ᠌ ᠤᠨ ᠲᠠᠷᠤᠭ᠎ᠠ ᠯᠢ ᠴᠸᠩ ᠭᠦᠸᠸ ᠵᠢᠴᠢ ᠪᠠᠢ᠌ᠭᠤᠯᠭ᠎ᠠ ᠶᠢᠨ ᠪᠦᠬᠦ ᠨᠠᠮ ᠤᠨ ᠭᠡᠰᠢ᠍ᠭᠦᠨ ᠺᠠᠳ᠋ᠷᠴᠤᠳ ᠰᠤᠷᠤᠯᠴᠠᠯᠭ᠎ᠠ ᠳ᠋ᠦ ᠤᠷᠤᠯᠴᠠᠪᠠ᠃

ᠫᠷᠦᠭ᠍ᠷᠠᠮ ᠢ ᠬᠦᠯᠢ᠍ᠶᠠᠨ ᠠᠪᠴᠤ ᠦᠵᠡᠬᠦ ᠪᠡᠷ ᠲᠠᠮᠵᠢ᠍ᠨ᠂ ᠤᠯᠠᠨ ᠶᠢᠡᠷ ᠶᠢᠡᠨ ᠵᠢᠱᠢ᠍ᠶᠡᠴᠢ ᠲᠠᠭᠤᠷᠢ᠍ᠶᠠᠯ ᠤᠢ᠌ᠯᠨ ᠠᠵᠢ᠍ᠯᠯᠠᠭ᠎ᠠ ᠪᠤᠯ ᠪᠠᠴᠢ᠍ᠮ ᠲᠤᠯᠭᠠᠮ᠎ᠠ ᠬᠦᠨᠳ᠋ᠦ ᠲᠦ᠋ᠭ᠍ᠰᠢ᠍ᠭᠦᠷᠢ ᠶᠢᠨ ᠡᠮᠦᠨ᠎ᠠ ᠡᠷᠬᠡᠪᠰᠢ ᠠᠮᠢ ᠪᠠᠶ᠎ᠠ ᠪᠠᠨ ᠴᠦ᠋ᠯᠡᠨ ᠡᠮᠦᠨ᠎ᠠ ᠨᠢ ᠲᠤᠯᠭᠠᠭᠤᠷᠢ᠍ᠯᠠᠵᠤ᠂ ᠴᠠᠭ ᠢᠮᠠᠭᠳ᠋ᠠ ᠠᠷᠠᠳ ᠲᠦ᠋ᠮᠡᠨ ᠢ ᠰᠡᠳᠭᠢᠯ ᠳᠤ ᠪᠠᠨ ᠪᠤᠳ᠋ᠤᠵᠤ᠂ ᠠᠷᠠᠳ ᠲᠦ᠋ᠮᠡᠨ ᠲᠡᠶ ᠰᠡᠳᠭᠢᠯ ᠨᠢ᠍ᠭᠡᠳ᠋ᠡᠢ ᠵᠢᠷᠭᠠᠯ ᠵᠤᠪᠠᠯᠠᠩ ᠶᠢᠡᠨ ᠬᠠᠮᠳ᠋ᠤᠳᠬᠠᠳ᠋ᠠᠭ ᠭᠡᠳ᠋ᠡᠭ᠌ ᠢ ᠬᠦᠨ ᠤᠢ᠌ᠯᠠᠭᠠᠨ ᠲᠠᠨᠢᠪᠠ᠃

ᠪᠦᠭᠦᠳ᠋ᠡᠭᠡᠷ ᠶᠢᠡᠨ᠂ ᠰᠢ᠍ᠨ᠎ᠠ ᠲᠢ᠍ᠳ᠋ᠢ᠍ᠮᠯᠢ᠍ᠭ᠌ ᠠᠭᠤᠰᠬᠢᠨ ᠦᠷᠪᠢᠰᠤᠯ ᠢ ᠡᠰᠡᠷᠭᠦᠴᠡᠭ᠍ᠰᠡᠨ ᠪᠠᠭᠠᠳ᠋ᠤᠷ ᠤᠨ ᠵᠢᠱᠢ᠍ᠶᠡᠴᠢ ᠤᠢ᠌ᠯᠨ ᠠᠵᠢ᠍ᠯᠯᠠᠭ᠎ᠠ ᠶᠢ ᠰᠤᠷᠤᠯᠴᠠᠨ᠂ ᠵᠤᠷᠢ᠍ᠭ ᠰᠠᠨᠠᠭ᠎ᠠ ᠶᠢ ᠤᠢ᠌ᠯᠡᠳ᠋ᠤᠯᠭᠡᠵᠢ᠍ᠬᠦᠯᠵᠤ᠂ ᠦᠢ᠍ᠯᠡᠳ᠋ᠦᠯᠭᠡ ᠶᠢᠨ ᠲᠤᠮᠳ᠋ᠠ ᠲᠠᠭᠤᠷᠢ᠍ᠶᠠᠴᠢ ᠬᠦᠴᠦᠨ ᠢ ᠤᠯᠠᠮᠵᠢ᠍ᠯᠠᠨ᠂ ᠲᠠᠭᠤᠷᠢ᠍ᠶᠠᠴᠢ ᠵᠤᠷᠢ᠍ᠭ ᠰᠠᠨᠠᠭ᠎ᠠ ᠪᠠᠷ ᠪᠡᠶ᠎ᠠ ᠪᠠᠨ ᠴᠢ᠍ᠩᠭ᠎ᠠ ᠱᠠᠭᠠᠷᠳ᠋ᠠᠵᠤ᠂ ᠲᠤᠬᠠᠢ᠌ᠯᠠᠭᠰᠨᠨ ᠠᠵᠢ᠍ᠯ ᠤᠨ ᠡᠭᠦᠷᠭᠡ ᠲᠤᠰᠢ᠍ᠶᠠᠯ ᠶᠢᠡᠨ ᠨᠠᠷᠢ᠍ᠨ ᠬᠢᠨᠠᠮᠠᠭᠠᠢ ᠬᠦᠢ᠍ᠴᠡᠳᠭᠡᠨ᠂ ᠰᠢ᠍ᠨ᠎ᠠ ᠴᠠᠭ ᠦᠶ᠎ᠠ ᠶᠢᠨ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠠᠵᠢ᠍ᠯ ᠤᠨ ᠬᠢᠷᠢ ᠲᠦ᠋ᠪᠰᠢ᠍ᠨ ᠶᠢᠡᠨ ᠲᠠᠰᠤᠷᠠᠯᠳ᠋ᠠ ᠦᠭᠡᠶ ᠲᠠᠭᠡᠭ᠍ᠰᠢ᠍ᠯᠡᠬᠦᠯᠵᠤ᠂ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠺᠠᠲᠷ ᠠᠵᠢ᠍ᠯᠳ᠋ᠠᠨ ᠤ ᠰᠠᠢ᠌ᠨ ᠰᠠᠢ᠌ᠬᠠᠨ ᠲᠦ᠋ᠷᠢ ᠲᠦ᠋ᠷᠬᠦ ᠶᠢ ᠪᠤᠢ ᠪᠤᠯᠭᠠᠨ᠎ᠠ ᠭᠡᠵᠡᠭᠡᠪᠡ᠃ (ᠯᠸᠢ ᠫᠠᠩ)