ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠ ᠶᠢᠨ ᠪᠠᠢ᠌ᠭᠤᠯᠭᠠ ᠬᠠᠩᠰᠢ ᠶᠢᠨ ᠡᠳ᠋ᠦᠷ ᠨᠦ᠋ᠭ᠍ᠴᠢ᠍ᠭ᠍ᠰᠨᠨ ᠪᠠᠭᠠᠳ᠋ᠤᠷᠴᠤᠳ ᠤᠨ ᠪᠤᠩᠬᠤᠨ ᠢ ᠱᠦ᠋ᠬᠦᠷᠳ᠋ᠡᠬᠦ ᠠᠵᠢ᠍ᠯᠯᠠᠭᠠ ᠦᠷᠨᠢᠭᠦᠯᠪᠡ

4 ᠰᠠᠷᠠ ᠶᠢᠨ 2 ᠤ ᠡᠳ᠋ᠦᠷ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠ ᠶᠢᠨ ᠪᠠᠢ᠌ᠭᠤᠯᠭᠠ ᠶᠢᠨ ᠺᠠᠳ᠋ᠷ ᠠᠵᠢ᠍ᠯᠳ᠋ᠡᠨ ᠫᠤᠤ ᠲᠡᠶ ᠱᠠᠨ ᠤ ᠨᠦ᠋ᠭ᠍ᠴᠢ᠍ᠭ᠍ᠰᠨᠨ ᠪᠠᠭᠠᠳ᠋ᠤᠷᠴᠤᠳ ᠤᠨ ᠪᠤᠩᠬᠤᠨ ᠤ ᠬᠦᠷᠢ᠍ᠶᠡᠯᠠᠩ ᠳᠤ ᠬᠦᠷᠴᠦ᠂ ᠨᠠᠮ ᠤᠨ ᠲᠡᠦᠬᠡ ᠶᠢᠨ ᠰᠤᠷᠤᠯᠴᠠᠯᠭᠠ ᠬᠦᠮᠦᠵᠢ᠍ᠯ ᠲᠡᠶ ᠤᠶᠠᠯᠳᠤᠭᠤᠯᠤᠨ ᠬᠠᠩᠰᠢ ᠶᠢᠨ ᠡᠳ᠋ᠦᠷ ᠲᠤ ᠨᠦ᠋ᠭ᠍ᠴᠢ᠍ᠭ᠍ᠰᠨᠨ ᠪᠠᠭᠠᠳ᠋ᠤᠷᠴᠤᠳ ᠤᠨ ᠪᠤᠩᠬᠤᠨ ᠢ ᠱᠦ᠋ᠬᠦᠷᠳ᠋ᠡᠬᠦ ᠠᠵᠢ᠍ᠯᠯᠠᠭᠠ ᠦᠷᠨᠢᠭᠦᠯᠪᠡ᠃


ᠨᠦ᠋ᠭ᠍ᠴᠢ᠍ᠭ᠍ᠰᠨᠨ ᠪᠠᠭᠠᠳ᠋ᠤᠷᠴᠤᠳ ᠤᠨ ᠪᠤᠩᠬᠤᠨ ᠤ ᠬᠦᠷᠢ᠍ᠶᠡᠯᠠᠩ ᠲᠦ᠋ᠪ ᠬᠢᠴᠢ᠍ᠶᠡᠩᠬᠦᠢ ᠠᠭᠤᠷ ᠠᠮᠢ᠍ᠰᠬᠤᠯ ᠶᠢᠡᠷ ᠪᠢᠯᠬᠠᠵᠤ᠂ ᠲᠤᠷᠠᠰᠬᠠᠯ ᠤᠨ ᠬᠦᠰᠢ᠍ᠶᠠ ᠶᠢᠨ ᠡᠮᠦᠨᠠ ᠪᠦᠬᠦᠳ᠋ᠡᠭᠡᠷ ᠶᠢᠠᠨ ᠤᠯᠤᠰ ᠤᠨ ᠰᠦ᠋ᠯᠳ᠋ᠡ ᠲᠠᠭᠤᠤ ᠶᠢ ᠲᠠᠭᠤᠯᠠᠨ᠂ ᠬᠤᠪᠢᠰᠬᠠᠯ ᠤᠨ ᠨᠦ᠋ᠭ᠍ᠴᠢ᠍ᠭ᠍ᠰᠡᠨ ᠪᠠᠭᠠᠳ᠋ᠤᠷᠴᠤᠳ ᠢ ᠨᠠᠮᠡᠨᠴᠢ᠍ᠯᠡᠨ ᠭᠠᠰᠢ᠍ᠭᠤᠳ᠋ᠠᠵᠤ᠂ ᠴᠠᠭᠠᠷᠢ᠍ᠭᠳ᠋ᠤ ᠴᠡᠴᠡᠭ᠌ ᠬᠦᠷᠭᠡᠨ᠂ ᠬᠤᠪᠢᠰᠬᠠᠯ ᠤᠨ ᠨᠦ᠋ᠭ᠍ᠴᠢ᠍ᠭ᠍ᠰᠡᠨ ᠪᠠᠭᠠᠳ᠋ᠤᠷᠴᠤᠳ ᠤᠨ ᠲᠤᠷᠠᠰᠬᠠᠯ ᠤᠨ ᠬᠦᠰᠢ᠍ᠶᠠ ᠶᠢ ᠪᠠᠷᠠᠯᠠᠵᠤ᠂ ᠭᠤᠶᠠᠴᠢ ᠦᠭᠡᠶ ᠡᠷᠡᠯᠬᠡᠭ᠌ ᠶᠢᠡᠷ ᠬᠤᠪᠢ ᠪᠡᠶᠠ ᠪᠠᠨ ᠦᠷᠡᠭ᠍ᠳ᠋ᠡᠭᠦᠯᠦᠭ᠍ᠰᠡᠨ ᠬᠤᠪᠢᠰᠬᠠᠯ ᠤᠨ ᠨᠦ᠋ᠭ᠍ᠴᠢ᠍ᠭ᠍ᠰᠡᠨ ᠪᠠᠭᠠᠳ᠋ᠤᠷᠴᠤᠳ ᠢ ᠬᠦᠨ ᠲᠤᠷᠠᠰᠤᠨ ᠰᠠᠨᠠᠭᠠᠯᠵᠠᠵᠤ ᠡᠷᠬᠢᠮ ᠲᠠᠭᠡᠳ᠋ᠤ ᠬᠦᠨᠳ᠋ᠦᠳᠭᠡᠯ ᠶᠢᠡᠨ ᠲᠠᠪᠰᠢ᠍ᠬᠦᠯᠪᠡ᠃


ᠠᠬᠠᠮᠠᠳ ᠦᠶᠠ ᠶᠢᠨ ᠪᠠᠭᠠᠳ᠋ᠤᠷᠴᠤᠳ ᠤᠨ ᠰᠦ᠋ᠭ᠌ ᠰᠦ᠋ᠨᠡᠰᠦ ᠪᠠᠷ ᠬᠤᠪᠢᠰᠬᠠᠯ ᠤᠨ ᠤᠳ᠋ᠤᠮᠰᠢ᠍ᠯ ᠢ ᠵᠠᠯᠭᠠᠮᠵᠢ᠍ᠯᠠᠨᠠ᠃ ᠠᠵᠢ᠍ᠯᠯᠠᠭᠠ ᠲᠤᠮᠳ᠋ᠠ᠂ ᠪᠠᠢ᠌ᠭᠤᠯᠭᠠ ᠶᠢᠨ ᠪᠦᠬᠦ ᠨᠠᠮ ᠤᠨ ᠭᠡᠰᠢ᠍ᠭᠦᠨ ᠺᠠᠳ᠋ᠷᠴᠤᠳ ᠨᠠᠮ ᠳᠤ ᠤᠷᠤᠬᠤ ᠲᠠᠩᠭ᠋ᠠᠷᠢ᠍ᠭ ᠤᠨ ᠦᠭᠡᠰ ᠢ ᠲᠠᠬᠢᠨᠳ᠋ᠠ ᠡᠷᠭᠢᠴᠡᠭᠦᠯᠪᠡ᠃

ᠠᠵᠢ᠍ᠯᠯᠠᠭᠠ ᠲᠠᠭᠤᠰᠤᠭᠰᠨᠨ ᠤ ᠲᠠᠷᠠᠭᠠ᠂ ᠤᠯᠠᠨ ᠶᠢᠡᠷ ᠶᠢᠡᠨ᠂ ᠨᠦ᠋ᠭ᠍ᠴᠢ᠍ᠭ᠍ᠰᠡᠨ ᠪᠠᠭᠠᠳ᠋ᠤᠷᠴᠤᠳ ᠤᠨ ᠴᠢ᠍ᠰᠤᠳ᠋ᠤ ᠲᠠᠮᠡᠴᠡᠯ ᠪᠠ ᠭᠤᠶᠠᠴᠢ ᠦᠭᠡᠶ ᠵᠢᠳᠭᠦᠬᠦ ᠵᠤᠷᠢ᠍ᠭ ᠰᠠᠨᠠᠭᠠ ᠶᠢ ᠮᠠᠷᠳ᠋ᠠᠬᠤ ᠦᠭᠡᠶ᠃ ᠲᠡᠦᠬᠡ ᠶᠢ ᠡᠷᠬᠢᠴᠡᠬᠦᠯᠵᠤ᠂ ᠨᠦ᠋ᠭ᠍ᠴᠢ᠍ᠭ᠍ᠰᠡᠨ ᠪᠠᠭᠠᠳ᠋ᠤᠷᠴᠤᠳ ᠢ ᠲᠤᠷᠠᠰᠤᠨ ᠰᠠᠨᠠᠭᠠᠯᠵᠠᠬᠤ ᠳ᠋ᠦ ᠤᠭ ᠰᠠᠨᠠᠭᠠ ᠪᠠᠨ ᠦᠯᠦ ᠮᠠᠷᠳ᠋ᠠᠨ᠂ ᠡᠭᠦᠷᠭᠡ ᠬᠠᠷᠢ᠍ᠭᠤᠴᠠᠯᠭᠠ ᠪᠠᠨ ᠪᠠᠳ᠋ᠤ ᠴᠡᠭᠡᠵᠢ᠍ᠯᠡᠵᠦ᠂ ᠠᠬᠠᠮᠡᠳ ᠦᠶᠠ ᠶᠢᠨ ᠬᠦᠰᠡᠯ ᠵᠤᠷᠢ᠍ᠯᠳ᠋ᠠ ᠶᠢ ᠵᠠᠯᠭᠠᠮᠵᠢ᠍ᠯᠠᠨ᠂ ᠬᠤᠪᠢᠰᠬᠠᠯ ᠤᠨ ᠤᠳ᠋ᠤᠮᠰᠢ᠍ᠯ ᠢ ᠦᠶᠠ ᠶᠢᠨ ᠦᠶᠠ ᠤᠯᠠᠮᠵᠢ᠍ᠯᠠᠨᠠ ᠭᠡᠵᠤ ᠢᠯᠡᠷᠭᠡᠢ᠌ᠯᠡᠵᠡᠭᠡᠪᠡ᠃(ᠯᠸᠢ ᠫᠠᠩ)