ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠨᠠᠮ ᠤᠨ ᠲᠡᠦᠬᠡ ᠶᠢᠨ ᠰᠤᠷᠤᠯᠴᠠᠯᠭ᠎ᠠ ᠶᠢᠨ ᠬᠤᠷᠠᠯ ᠬᠤᠷᠠᠯᠳ᠋ᠤᠭᠤᠯᠪᠠ

4 ᠰᠠᠷ᠎ᠠ ᠶᠢᠨ 9 ᠤ ᠡᠳ᠋ᠦᠷ ᠤᠨ ᠦᠳ᠋ᠡ ᠶᠢᠨ ᠬᠤᠢ᠌ᠨ᠎ᠠ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠪᠦᠬᠦ ᠨᠠᠮ ᠤᠨ ᠭᠡᠰᠢ᠍ᠭᠦᠨ ᠺᠠᠳ᠋ᠷᠴᠤᠳ ᠢ ᠵᠤᠬᠢᠶᠠᠨ ᠪᠠᠢ᠌ᠭᠤᠯᠤᠨ ᠨᠠᠮ ᠤᠨ ᠲᠡᠦᠬᠡ ᠶᠢᠨ ᠰᠤᠷᠤᠯᠴᠠᠯᠭ᠎ᠠ ᠶᠢᠨ ᠬᠤᠷᠠᠯ ᠬᠤᠷᠠᠯᠳ᠋ᠤᠭᠤᠯᠪᠠ᠃ ᠬᠤᠷᠠᠯ ᠲᠡᠭᠡᠷ᠎ᠠ ᠲᠦ᠋ᠪ ᠬᠤᠷᠢ᠍ᠶᠠᠨ ᠤ ᠨᠠᠮ ᠤᠨ ᠰᠤᠷᠭᠠᠭᠤᠯᠢ (ᠤᠯᠤᠰ ᠤᠨ ᠵᠠᠰᠠᠭ ᠵᠠᠬᠢᠷᠭᠠᠨ ᠤ ᠲᠡᠭᠡᠳ᠋ᠦ ᠰᠤᠷᠭᠠᠭᠤᠯᠢ) ᠶᠢᠨ ᠨᠠᠮ ᠤᠨ ᠲᠡᠦᠬᠡ ᠶᠢᠨ ᠵᠢᠭᠠᠨ ᠰᠤᠳ᠋ᠤᠯᠬᠤ ᠬᠡᠯᠳ᠋ᠡᠰ ᠤᠨ ᠡᠷᠬᠢᠯᠡᠭ᠍ᠴᠢ ᠯᠦ᠋ᠸᠸ ᠫᠢᠩ ᠬᠠᠨ ᠫᠷᠦᠹᠸᠰᠰᠤᠷ ᠤᠨ ᠶᠠᠷᠢ᠍ᠭᠰᠡᠨ 《 ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠲᠡᠦᠬᠡ ᠶᠢᠨ ᠲᠤᠰᠬᠠᠢ ᠰᠡᠳ᠋ᠦᠪᠳ᠋ᠦ ᠲᠠᠢ᠌ᠯᠤᠮᠵᠢ ᠶᠢᠨ ᠬᠤᠶᠠᠳ᠋ᠤᠭᠠᠷ ᠶᠠᠷᠢ᠍ᠶ᠎ᠠ ᠄ ᠵᠦ ᠳ᠋ᠸ ᠮᠠᠦ ᠽᠸ ᠳ᠋ᠦ᠋ᠩ ᠤᠨ ᠤᠯᠠᠭᠠᠨ ᠴᠡᠷᠢ᠍ᠭ᠌ ᠤᠨ ᠢᠷᠡᠯᠳ᠋ᠡ ᠪᠠ ᠭᠥ᠋ ᠲᠢ᠍ᠶᠠᠨ ᠤ ᠬᠤᠷᠠᠯ》 ᠭᠡᠬᠦ ᠲᠤᠤᠷ ᠰᠦ᠋ᠯᠵᠢ᠍ᠶᠡᠨ ᠤ ᠬᠢᠴᠢ᠍ᠶᠡᠯᠯᠡᠭᠡ ᠶᠢ ᠰᠤᠷᠤᠯᠴᠠᠪᠠ᠃


ᠲᠤᠰᠬᠠᠢ ᠰᠡᠳ᠋ᠦᠪᠳ᠋ᠦ ᠲᠠᠢ᠌ᠯᠤᠮᠵᠢ《 ᠵᠦ ᠳ᠋ᠸ ᠮᠠᠦ ᠽᠸ ᠳ᠋ᠦ᠋ᠩ ᠤᠨ ᠤᠯᠠᠭᠠᠨ ᠴᠡᠷᠢ᠍ᠭ᠌ ᠤᠨ ᠢᠷᠡᠯᠳ᠋ᠡ ᠪᠠ ᠤᠯᠠᠭᠠᠨ ᠴᠡᠷᠢ᠍ᠭ᠌ ᠵᠢᠶᠠᠩᠰᠢ ᠶᠢᠨ ᠡᠮᠦᠨ᠎ᠠ ᠹᠦᠵᠢ᠍ᠶᠠᠨ ᠤ ᠪᠠᠷᠠᠭᠤᠨ ᠶᠢ ᠲᠠᠭᠠᠷᠢ᠍ᠭᠰᠠᠨ》 《 ᠲᠦ᠋ᠷ ᠴᠠᠭ ᠤᠨ ᠴᠡᠷᠢ᠍ᠭ᠌ ᠤᠨ ᠬᠤᠷᠢ᠍ᠶ᠎ᠠ ᠶᠢᠨ ᠠᠳ᠋ᠠᠯᠢ ᠪᠤᠰᠤ ᠰᠠᠨᠠᠯ ᠪᠠ ᠲᠤᠮᠳ᠋ᠠᠳ᠋ᠤ ᠤᠯᠤᠰ ᠤᠨ ᠡᠪ ᠬᠠᠮᠳ᠋ᠤ ᠨᠠᠮ ᠤᠨ ᠤᠯᠠᠭᠠᠨ ᠲᠦ᠋ᠷᠪᠡᠳ᠋ᠦᠭᠡᠷ ᠠᠷᠮᠠᠢ ᠶᠢᠨ ᠲᠤᠯᠤᠳ᠋ᠤᠭᠠᠷ ᠬᠤᠷᠠᠯ》 《〈ᠶᠢᠰᠦᠳᠦᠭᠡᠷ ᠰᠠᠷ᠎ᠠ ᠲᠦ᠋ᠪ ᠡᠴᠡ ᠵᠠᠬᠢᠳ᠋ᠠᠯ ᠢᠷᠡᠭᠦᠯᠦᠭ᠍ᠰᠡᠨ〉 ᠪᠠ ᠭᠥ᠋ ᠲᠢ᠍ᠶᠠᠨ ᠤ ᠬᠤᠷᠠᠯ ᠬᠤᠷᠠᠯᠳ᠋ᠤᠭᠤᠯᠭᠰᠠᠨ》 ᠵᠡᠷᠭᠡ ᠭᠤᠷᠪᠠᠨ ᠲᠠᠯ᠎ᠠ ᠪᠠᠷ ᠲᠤᠭᠠᠴᠢ᠍ᠨ ᠦᠭᠦᠯᠡᠵᠦ᠂ ᠨᠠᠮ ᠤᠨ ᠨᠠᠨᠳ᠋ᠢ᠍ᠨ ᠲᠤᠷᠰᠢ᠍ᠯᠭ᠎ᠠ ᠪᠠ ᠰᠢ᠍ᠯᠢ᠍ᠳ᠋ᠡᠭ᠌ ᠤᠳ᠋ᠤᠮᠰᠢ᠍ᠯ ᠢ ᠤᠯᠠᠮᠵᠢ᠍ᠯᠡᠨ ᠪᠠᠳ᠋ᠠᠷᠠᠭᠤᠯᠬᠤ ᠬᠡᠷᠡᠭ᠍ᠳ᠋ᠠᠢ ᠭᠡᠳ᠋ᠡᠭ᠌ ᠢ ᠳ᠋ᠦ᠋ᠩᠨᠡᠭ᠍ᠰᠡᠨ ᠪᠠᠢ᠌ᠨ᠎ᠠ᠃

ᠲᠤᠰᠬᠠᠢ ᠰᠡᠳ᠋ᠦᠪᠳ᠋ᠤ ᠲᠠᠢ᠌ᠯᠤᠮᠵᠢ ᠶᠢᠨ ᠲᠤᠤᠷ ᠰᠦ᠋ᠯᠵᠢ᠍ᠶᠡᠨ ᠤ ᠬᠢᠴᠢ᠍ᠶᠡᠯᠡᠯᠡᠭᠡ ᠶᠢ ᠰᠤᠨᠤᠰᠬᠤ ᠪᠠᠷ ᠲᠠᠮᠵᠢ᠍ᠨ᠂ ᠪᠦᠬᠦ ᠨᠠᠮ ᠤᠨ ᠭᠡᠰᠢ᠍ᠭᠦᠨ ᠺᠠᠳ᠋ᠷᠴᠤᠳ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠴᠢ᠍ᠬᠤᠯᠠ ᠠᠴᠢ ᠬᠤᠯᠪᠤᠭᠳ᠋ᠠᠯ ᠢ ᠭᠦᠨᠵᠡᠭᠡᠢ ᠲᠠᠨᠢ᠍ᠵᠤ᠂ ᠤᠬᠠᠮᠰᠡᠷ ᠡᠴᠡ ᠪᠠᠨ ᠦᠵᠡᠯ ᠰᠠᠨᠠᠭ᠎ᠠ ᠤᠯᠤᠰ ᠲᠦ᠋ᠷᠦ ᠦᠢ᠍ᠯᠡ ᠶᠠᠪᠤᠳ᠋ᠠᠯ ᠲᠡᠭᠡᠷ᠎ᠠ ᠪᠠᠨ ᠰᠢ ᠵᠢᠨ ᠫᠢᠩ ᠨᠦ᠋ᠬᠦᠷ ᠶᠢᠡᠷ ᠲᠦ᠋ᠪ ᠪᠤᠯᠭᠠᠭᠰᠠᠨ ᠨᠠᠮ ᠤᠨ ᠲᠦ᠋ᠪ ᠬᠤᠷᠢ᠍ᠶ᠎ᠠ ᠲᠡᠶ ᠲᠡᠭᠡᠳ᠋ᠦ ᠬᠡᠮᠵᠢ᠍ᠶ᠎ᠠ ᠪᠡᠷ ᠰᠠᠨᠠᠯ ᠨᠢ᠍ᠭᠡᠳ᠋ᠦᠨ᠂ ᠦᠨᠡᠨ ᠬᠦ ᠨᠠᠮ ᠤᠨ ᠲᠡᠦᠬᠡ ᠶᠢ ᠰᠤᠷᠴᠦ᠂ ᠦᠵᠡᠯ ᠰᠠᠨᠠᠭ᠎ᠠ ᠶᠢ ᠤᠢ᠌ᠯᠠᠭᠠᠨ᠂ ᠪᠤᠳ᠋ᠠᠳ᠋ᠤ ᠶᠠᠪᠤᠳ᠋ᠠᠯ ᠬᠢᠵᠦ᠂ ᠰᠢ᠍ᠨ᠎ᠠ ᠪᠠᠢ᠌ᠳ᠋ᠠᠯ ᠢ ᠡᠬᠢᠯᠡᠬᠦᠯᠦᠨ᠎ᠠ ᠭᠡᠵᠦ ᠢᠯᠡᠳᠭᠡᠵᠡᠭᠡᠪᠡ᠃

ᠬᠤᠷᠠᠯ ᠲᠡᠭᠡᠷ᠎ᠠ ᠪᠠᠰᠠ ᠨᠠᠮ ᠤᠨ ᠲᠡᠦᠬᠡ ᠶᠢᠨ ᠮᠡᠳ᠋ᠡᠯᠭᠡ ᠶᠢᠨ ᠰᠤᠷᠢ᠍ᠯᠳ᠋ᠠ ᠬᠢᠪᠡ᠃(ᠯᠸᠢ ᠫᠠᠩ)