ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ《 ᠤᠯᠤᠰ ᠶᠢᠡᠨ ᠬᠠᠢ᠌ᠷᠠᠯᠠᠬᠤ ᠡᠷᠡᠭᠦᠯ ᠬᠠᠮᠠᠭᠠᠯᠠᠯ ᠤᠨ ᠰᠠᠷ᠎ᠠ》 ᠶᠢᠨ ᠴᠡᠪᠡᠷᠯᠡᠭᠡ ᠶᠢᠨ ᠠᠵᠢ᠍ᠯᠯᠠᠭ᠎ᠠ ᠦᠷᠨᠢᠭᠦᠯᠪᠡ


ᠦᠨᠦ ᠵᠢᠯ ᠤᠨ 4 ᠰᠠᠷ᠎ᠠ ᠪᠤᠯ ᠪᠦᠬᠦ ᠤᠯᠤᠰ ᠤᠨ ᠭᠤᠴᠢ᠍ᠨ ᠭᠤᠷᠪᠠᠳ᠋ᠤᠭᠠᠷ《 ᠤᠯᠤᠰ ᠶᠢᠡᠨ ᠬᠠᠢ᠌ᠷᠠᠯᠠᠬᠤ ᠡᠷᠡᠭᠦᠯ ᠬᠠᠮᠠᠭᠠᠯᠠᠯ ᠤᠨ ᠰᠠᠷ᠎ᠠ》 ᠪᠤᠯᠤᠨ᠎ᠠ᠂ ᠬᠠᠷᠢ᠍ᠶᠠ ᠤᠷᠤᠨ ᠤ ᠤᠷᠴᠢ᠍ᠨ ᠲᠤᠭᠤᠷᠢ᠍ᠨ ᠤ ᠡᠷᠡᠭᠦᠯ ᠬᠠᠮᠠᠭᠠᠯᠠᠯ ᠢ ᠤᠯᠠᠮ ᠨᠢ᠍ᠭᠡ ᠠᠯᠬᠤᠮ ᠰᠠᠢ᠌ᠵᠢ᠍ᠷᠠᠭᠤᠯᠬᠤ ᠶᠢᠨ ᠲᠦ᠋ᠯᠦᠭᠡ᠂《 ᠪᠢ ᠤᠯᠠᠨ ᠲᠦ᠋ᠮᠡᠨ ᠳᠤ ᠪᠤᠳ᠋ᠠᠳ᠋ᠤ ᠶᠠᠪᠤᠳ᠋ᠠᠯ ᠬᠢᠵᠦ ᠦᠭᠬᠦ》 ᠭᠤᠤᠯ ᠰᠡᠳ᠋ᠦᠪᠳ᠋ᠦ ᠦᠢ᠍ᠯᠡᠳ᠋ᠦᠯᠭᠡ ᠶᠢᠨ ᠠᠵᠢ᠍ᠯᠯᠠᠭ᠎ᠠ ᠲᠡᠶ ᠤᠶᠠᠯᠳ᠋ᠤᠭᠤᠯᠤᠨ᠂ 4 ᠰᠠᠷ᠎ᠠ ᠶᠢᠨ 23 ᠤ ᠡᠳ᠋ᠦᠷ ᠤᠨ ᠦᠳ᠋ᠡ ᠶᠢᠨ ᠡᠮᠦᠨ᠎ᠠ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠡᠷᠡᠭᠦᠯ ᠬᠠᠮᠠᠭᠠᠯᠠᠯ ᠤᠨ ᠬᠤᠪᠢᠶᠠᠷᠢ ᠬᠠᠮᠢ᠍ᠶᠠᠷᠤᠯᠳ᠋ᠠ ᠶᠢᠨ ᠲᠤᠭᠤᠷᠢ᠍ᠭ ᠤᠨ ᠯᠦ᠋ᠪᠸᠢ ᠪᠠᠯᠭᠠᠰᠤᠨ ᠤ ᠵᠡᠭᠦᠨᠳ᠋ᠡᠬᠢ ᠦᠬᠡᠷ ᠲᠡᠵᠢ᠍ᠭᠡᠬᠦ ᠲᠤᠭᠤᠷᠢ᠍ᠭ ᠲᠤ ᠬᠦᠷᠴᠦ ᠤᠷᠴᠢ᠍ᠨ ᠲᠤᠭᠤᠷᠢ᠍ᠨ ᠤ ᠡᠷᠡᠭᠦᠯ ᠬᠠᠮᠠᠭᠠᠯᠠᠯ ᠤᠨ ᠴᠡᠪᠡᠷᠯᠡᠭᠡ ᠶᠢᠨ ᠠᠵᠢ᠍ᠯᠯᠠᠭ᠎ᠠ ᠦᠷᠨᠢᠭᠦᠯᠵᠦ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠡᠭᠦᠷ ᠤᠨ ᠱᠦ᠋ᠵᠢ ᠯᠢ ᠴᠸᠩ ᠭᠦᠸᠸ ᠵᠢᠴᠢ ᠪᠦᠬᠦ ᠺᠠᠳ᠋ᠷ ᠠᠵᠢ᠍ᠯᠳ᠋ᠠᠨ ᠠᠵᠢ᠍ᠯᠯᠠᠭ᠎ᠠ ᠳᠤ ᠤᠷᠤᠯᠴᠠᠪᠠ᠃

ᠲᠤᠰ ᠤᠳ᠋ᠠᠭᠠᠨ ᠤ ᠠᠵᠢ᠍ᠯᠯᠠᠭ᠎ᠠ ᠭᠤᠤᠯᠳ᠋ᠠᠭᠤ ᠤᠷᠴᠢ᠍ᠨ ᠲᠤᠭᠤᠷᠢ᠍ᠨ ᠤ ᠡᠷᠡᠭᠦᠯ ᠬᠠᠮᠠᠭᠠᠯᠠᠯ ᠤᠨ ᠬᠤᠭ ᠨᠤᠪᠰᠢ ᠬᠠᠳ᠋ᠠᠭᠠᠯᠠᠬᠤ᠂ ᠡᠪᠳ᠋ᠡᠷᠬᠡᠢ ᠴᠠᠭᠠᠰᠤᠨ ᠬᠠᠢ᠌ᠷᠴᠠᠭ᠂ ᠴᠠᠭᠠᠨ ᠪᠤᠬᠢᠷᠳ᠋ᠤᠯ ᠪᠠ ᠤᠪᠤᠭᠠᠯᠠᠭᠰᠠᠨ ᠪᠤᠳ᠋ᠠᠰ ᠢ ᠦᠨᠴᠦᠭ᠌ ᠪᠤᠯᠤᠩ ᠦᠭᠡᠶ ᠴᠡᠪᠡᠷᠯᠡᠬᠦ ᠶᠢᠨ ᠬᠠᠮᠳ᠋ᠤ ᠰᠢ᠍ᠳ᠋ᠠᠭᠠᠭᠰᠠᠨ ᠪᠠᠢ᠌ᠨ᠎ᠠ᠃ ᠠᠵᠢ᠍ᠯᠯᠠᠭ᠎ᠠ ᠲᠤᠮᠳ᠋ᠠ᠂ ᠤᠯᠠᠨ ᠶᠢᠡᠷ ᠶᠢᠡᠨ ᠪᠤᠵᠠᠷ ᠪᠤᠷᠳ᠋ᠠᠭ᠂ ᠶᠠᠳ᠋ᠠᠷᠠᠯ ᠵᠦ᠋ᠳ᠋ᠡᠷᠡᠯ ᠡᠴᠡ ᠠᠶᠤᠬᠤ ᠦᠭᠡᠶ ᠪᠠᠷ ᠬᠠᠷᠠᠮ ᠦᠭᠡᠶ ᠵᠤᠷᠢ᠍ᠭᠤᠯᠬᠤ ᠵᠤᠷᠢ᠍ᠭ ᠰᠠᠨᠠᠭ᠎ᠠ ᠶᠢ ᠢᠳ᠋ᠡᠪᠬᠢᠳ᠋ᠠᠢ ᠪᠠᠳ᠋ᠠᠷᠠᠭᠤᠯᠵᠤ᠂ ᠴᠡᠪᠡᠷᠯᠡᠭᠡ ᠬᠢᠬᠦ ᠶᠢᠨ ᠬᠠᠮᠳ᠋ᠤ ᠨᠠᠮ ᠤᠨ ᠭᠡᠰᠢ᠍ᠭᠦᠨ ᠺᠠᠳ᠋ᠷᠴᠤᠳ ᠪᠠᠰᠠ ᠰᠠᠭᠤᠭᠠᠯᠢ ᠠᠷᠠᠳ ᠲᠤ ᠤᠯᠤᠰ ᠶᠢᠡᠨ ᠬᠠᠢ᠌ᠷᠠᠯᠠᠬᠤ ᠡᠷᠡᠭᠦᠯ ᠬᠠᠠᠮᠭᠠᠯᠠᠯ᠂ ᠤᠷᠴᠢ᠍ᠨ ᠠᠬᠤᠢ ᠶᠢᠨ ᠬᠠᠮᠠᠭᠠᠯᠠᠯᠳ᠋ᠠ ᠪᠠ ᠡᠪᠡᠳᠴᠢ᠍ᠨ ᠡᠮᠬᠡᠭ᠌ ᠢ ᠤᠷᠢ᠍ᠳᠴᠢ᠍ᠯᠡᠨ ᠰᠡᠷᠭᠡᠢ᠌ᠯᠡᠬᠦ ᠵᠡᠷᠭᠡ ᠮᠡᠳ᠋ᠡᠯᠭᠡ ᠶᠢ ᠢᠳ᠋ᠡᠪᠬᠢᠲᠠᠢ ᠤᠬᠠᠭᠤᠯᠤᠨ᠂ ᠦᠷᠭᠡᠨ ᠤᠯᠠᠨ ᠰᠠᠭᠤᠭᠠᠯᠢ ᠠᠷᠠᠳ ᠤᠨ ᠤᠷᠴᠢ᠍ᠨ ᠠᠬᠤᠢ ᠶᠢ ᠬᠠᠢ᠌ᠷᠠᠯᠠᠨ ᠬᠠᠮᠠᠭᠠᠯᠠᠬᠤ᠂ ᠰᠠᠢ᠌ᠨ ᠰᠠᠢ᠌ᠬᠠᠨ ᠡᠷᠡᠭᠦᠯ ᠬᠠᠮᠠᠭᠠᠯᠠᠯ ᠤᠨ ᠲᠠᠳᠬᠠᠯ ᠪᠠ ᠠᠮᠢ᠍ᠳ᠋ᠤᠷᠠᠯ ᠤᠨ ᠠᠷᠭ᠎ᠠ ᠮᠠᠶᠢ᠍ᠭ ᠢ ᠪᠤᠢ ᠪᠤᠯᠭᠠᠬᠤ ᠶᠢ ᠰᠠᠨᠠᠭᠠᠴᠢ᠍ᠯᠠᠵᠦ᠂ ᠠᠷᠢ᠍ᠭᠤᠨ ᠴᠡᠪᠡᠷ᠂ ᠡᠷᠡᠭᠦᠯ ᠴᠢ᠍ᠬᠢᠷᠠᠭ ᠰᠠᠢ᠌ᠨ ᠰᠠᠢ᠌ᠬᠠᠨ ᠤᠷᠤᠨ ᠰᠠᠭᠤᠴᠠ ᠶᠢᠨ ᠤᠷᠴᠢ᠍ᠨ ᠨᠦ᠋ᠭᠦᠴᠡᠯ ᠢ ᠬᠠᠮᠳ᠋ᠤᠪᠠᠷ ᠪᠤᠢ ᠪᠤᠯᠭᠠᠪᠠ᠃(ᠯᠸᠢ ᠫᠠᠩ)