ᠤᠳᠤ ᠶᠢᠨ ᠪᠠᠢ᠌ᠷᠢ᠄ ᠴᠢᠬᠤᠯᠠ ᠮᠡᠳᠡᠭᠡ → ᠬᠤᠰᠢᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ᠁
ᠬᠤᠰᠢᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠪᠦᠬᠦ ᠺᠠᠳ᠋ᠷᠴᠤᠳ ᠤᠨ ᠬᠤᠷᠠᠯ ᠬᠤᠷᠠᠯᠳ᠋ᠤᠭᠤᠯᠪᠠ


        
         4 ᠰᠠᠷ᠎ᠠ ᠶᠢᠨ 23 ᠤ ᠡᠳ᠋ᠦᠷ ᠤᠨ ᠦᠳ᠋ᠡ ᠶᠢᠨ ᠬᠤᠢ᠌ᠨ᠎ᠠ᠂ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠪᠦᠬᠦ ᠺᠠᠳ᠋ᠷᠴᠤᠳ ᠤᠨ ᠬᠤᠷᠠᠯ ᠬᠤᠷᠠᠯᠳ᠋ᠤᠭᠤᠯᠵᠤ᠂ ᠶᠡᠷᠦᠩᠬᠡᠢ ᠱᠦ᠋ᠵᠢ ᠰᠢ ᠵᠢᠨ ᠫᠢᠩ ᠤᠨ ᠹᠦᠵᠢ᠍ᠶᠠᠨ ᠳᠤ ᠰᠤᠳ᠋ᠤᠯᠤᠨ ᠪᠠᠢ᠌ᠴᠠᠭᠠᠬᠤ ᠬᠤᠭᠤᠴᠠᠭᠠᠨ ᠳ᠋ᠡᠬᠢ ᠴᠢ᠍ᠬᠤᠯᠠ ᠶᠠᠷᠢ᠍ᠶᠠᠨ ᠤ ᠵᠤᠷᠢ᠍ᠭ ᠰᠠᠨᠠᠭ᠎ᠠ ᠶᠢ ᠭᠤᠤᠯᠳ᠋ᠠᠯᠭ᠎ᠠ ᠲᠡᠶ ᠤᠯᠠᠮᠵᠢ᠍ᠯᠡᠨ ᠰᠤᠷᠤᠯᠴᠠᠪᠠ᠃᠂ ᠬᠤᠷᠠᠯ ᠢ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠱᠦ᠋ᠵᠢ᠂ ᠨᠠᠮ ᠤᠨ ᠡᠭᠦᠷ ᠤᠨ ᠱᠦ᠋ᠵᠢ ᠯᠢ ᠴᠸᠩ ᠭᠦᠸᠸ ᠡᠷᠬᠢᠯᠡᠪᠡ᠃

        


       
           ᠬᠤᠷᠠᠯ ᠡᠴᠡ᠂ ᠪᠠᠢ᠌ᠭᠤᠯᠭ᠎ᠠ ᠶᠢᠨ ᠨᠠᠮ ᠤᠨ ᠤᠳ᠋ᠤᠷᠢ᠍ᠳᠬᠤ ᠲᠤᠭᠤᠢ᠌ᠯᠠᠩ ᠪᠤᠯᠤᠨ ᠨᠠᠮ ᠤᠨ ᠡᠭᠦᠷ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ ᠶᠢᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠲᠦ᠋ᠰᠦᠯ ᠤᠨ ᠲᠤᠬᠢᠷᠠᠭᠤᠯᠤᠯᠳ᠋ᠠ ᠪᠠᠷ᠂ ᠭᠤᠤᠯᠳ᠋ᠠᠯᠭ᠎ᠠ ᠶᠢ ᠡᠵᠡᠮᠳ᠋ᠡᠨ ᠵᠠᠩᠭᠢᠯᠠᠭ᠎ᠠ ᠶᠢ ᠠᠳᠬᠤᠨ᠂ ᠰᠤᠷᠤᠯᠴᠠᠯᠭ᠎ᠠ ᠬᠦᠮᠦᠵᠢ᠍ᠯ ᠤᠨ ᠡᠯ᠎ᠠ ᠵᠦ᠋ᠢ᠍ᠯ ᠤᠨ ᠠᠵᠢ᠍ᠯ ᠢ ᠦᠨᠳ᠋ᠦᠷ ᠪᠠᠷᠢ᠍ᠮᠵᠢ᠍ᠶ᠎ᠠ ᠪᠠᠷ ᠴᠢ᠍ᠨᠠᠷ ᠰᠠᠢ᠌ᠳ᠋ᠠᠢ ᠠᠬᠢᠭᠤᠯᠵᠤ᠂ ᠦᠷᠭᠡᠨ ᠤᠯᠠᠨ ᠨᠠᠮ ᠤᠨ ᠭᠡᠰᠢ᠍ᠭᠦᠨ ᠨᠠᠮ ᠤᠨ ᠲᠡᠮᠡᠴᠡᠯ ᠤᠨ ᠦᠩᠭᠡᠷᠡᠯᠳ᠋ᠡ ᠪᠤᠯᠤᠨ ᠠᠭᠤᠤ ᠶᠡᠬᠡ ᠠᠮᠵᠢ᠍ᠯᠳ᠋ᠡ ᠪᠦᠳ᠋ᠦᠮᠵᠢ ᠪᠠᠷ ᠲᠡᠮᠡᠴᠡᠯ ᠤᠨ ᠵᠤᠷᠢ᠍ᠭ ᠶᠢᠡᠨ ᠬᠦᠪᠴᠢ᠍ᠯᠡᠨ᠂ ᠴᠢᠭ᠍ᠯᠡᠯ ᠶᠢᠡᠨ ᠲᠤᠳ᠋ᠤᠷᠬᠠᠢ᠌ᠯᠠᠵᠤ᠂ ᠨᠠᠮ ᠤᠨ ᠢᠷᠡᠭᠤ ᠠᠯᠳ᠋ᠠᠷᠳ᠋ᠤ ᠤᠯᠠᠮᠵᠢ᠍ᠯᠡᠯ ᠪᠤᠯᠤᠨ ᠰᠢ᠍ᠯᠢ᠍ᠳ᠋ᠡᠭ᠌ ᠰᠤᠷᠳ᠋ᠠᠯ ᠶᠢᠡᠷ ᠢᠳ᠋ᠡᠭᠡᠯ ᠵᠤᠷᠢ᠍ᠭ ᠶᠢᠡᠨ ᠪᠠᠳ᠋ᠤᠳᠬᠠᠨ᠂ ᠬᠦᠴᠦᠨ ᠴᠢ᠍ᠳ᠋ᠠᠯ ᠶᠢᠡᠨ ᠨᠢ᠍ᠭᠳ᠋ᠠᠷᠠᠭᠤᠯᠵᠤ᠂ ᠪᠠᠢ᠌ᠭᠤᠯᠭ᠎ᠠ ᠶᠢᠨ ᠨᠠᠮ ᠤᠨ ᠭᠡᠰᠢ᠍ᠭᠦᠨ ᠺᠠᠳ᠋ᠷᠴᠤᠳ ᠤᠨ ᠨᠠᠮ ᠤᠨ ᠲᠡᠦᠬᠡ ᠶᠢᠨ ᠰᠤᠷᠤᠯᠴᠠᠬᠤ ᠢᠳ᠋ᠡᠪᠬᠢᠵᠢ᠍ᠯ ᠢ ᠬᠠᠮᠤᠭ ᠶᠡᠬᠡ ᠬᠡᠮᠵᠢ᠍ᠶ᠎ᠠ ᠪᠠᠷ ᠲᠠᠢ᠌ᠴᠢ᠍ᠯᠡᠨ ᠬᠦᠮᠦᠵᠢ᠍ᠭᠦᠯᠵᠦ ᠵᠢᠯᠤᠭᠤᠳ᠋ᠤᠨ᠂ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠲᠦ᠋ᠯᠦᠭᠡᠯᠡᠭ᠍ᠴᠢ ᠶᠢᠨ ᠡᠭᠦᠷᠭᠡ ᠴᠢ᠍ᠳ᠋ᠠᠪᠬᠢ ᠳᠤ ᠦᠢ᠍ᠯᠡᠴᠢ᠍ᠯᠡᠬᠦ ᠳᠤ ᠰᠠᠭᠤᠷᠢ᠍ᠯᠡᠵᠦ᠂《 ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶ᠎ᠠ ᠪᠦᠬᠦ ᠬᠤᠰᠢ᠍ᠭᠤᠨ ᠤ ᠡᠯ᠎ᠠ ᠱᠠᠳ᠋ᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠳᠤ ᠢᠳ᠋ᠡᠪᠬᠢᠲᠠᠢ ᠤᠷᠤᠯᠴᠠᠬᠤ ᠲᠤᠬᠠᠢ ᠮᠡᠳ᠋ᠡᠭ᠍ᠳ᠋ᠡᠯ》 ᠡᠴᠡ ᠭᠠᠷᠳ᠋ᠠᠨ᠂ ᠠᠷᠠᠳ ᠤᠨ ᠲᠦ᠋ᠯᠦᠭᠡᠯᠡᠭ᠍ᠴᠢ᠍ᠳ ᠤᠨ ᠲᠤᠮᠳ᠋ᠠ ᠨᠠᠮ ᠤᠨ ᠲᠡᠦᠬᠡ ᠶᠢᠨ ᠰᠤᠷᠤᠯᠴᠠᠯᠭ᠎ᠠ ᠶᠢ ᠦᠷᠭᠡᠨ ᠶᠢᠡᠷ ᠦᠷᠨᠢᠭᠦᠯᠦᠨ᠂ ᠠᠷᠠᠳ ᠤᠨ ᠲᠦ᠋ᠯᠦᠭᠡᠯᠡᠭ᠍ᠴᠢ᠍ᠳ ᠬᠤᠪᠢᠰᠬᠠᠯ ᠤᠨ ᠵᠤᠷᠢ᠍ᠭ ᠰᠠᠨᠠᠭ᠎ᠠ ᠶᠢ ᠦᠷᠭᠦᠯᠵᠢ᠍ᠯᠡᠨ ᠪᠠᠳ᠋ᠠᠷᠠᠭᠤᠯᠵᠤ᠂ ᠬᠦᠴᠢ᠍ᠷ ᠪᠡᠷᠭᠡ ᠶᠢ ᠲᠤᠭᠤᠯᠤᠨ᠂ ᠬᠠᠷᠢ᠍ᠭᠤᠴᠠᠯᠭ᠎ᠠ ᠡᠭᠦᠷᠭᠡᠯᠡᠨ ᠪᠤᠳ᠋ᠠᠳ᠋ᠠᠢ ᠠᠵᠢ᠍ᠯᠯᠠᠵᠤ ᠠᠷᠠᠳ ᠤᠨ ᠲᠦ᠋ᠯᠦᠭᠡ ᠵᠢᠳᠭᠦᠬᠦ ᠵᠤᠷᠢ᠍ᠭ ᠰᠠᠨᠠᠭ᠎ᠠ ᠶᠢ ᠲᠠᠰᠤᠷᠠᠯᠳ᠋ᠠ ᠦᠭᠡᠶ ᠬᠦᠭ᠍ᠵᠢ᠍ᠭᠡᠵᠦ᠂ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠠᠵᠢ᠍ᠯ ᠢ ᠦᠨᠳ᠋ᠦᠷ ᠪᠦᠳ᠋ᠦᠮᠵᠢ᠍ᠳ᠋ᠠᠢ ᠦᠷᠨᠢᠭᠦᠯᠬᠦ ᠳᠤ ᠬᠤᠪᠢ ᠨᠡᠮᠡᠷᠢ ᠪᠠᠨ ᠦᠵᠡᠭᠦᠯᠬᠦ ᠬᠡᠷᠡᠭ᠍ᠳ᠋ᠠᠢ ᠭᠡᠵᠦ ᠴᠢ᠍ᠩᠭ᠋ᠠᠳᠬᠠᠪᠠ᠃(ᠯᠸᠢ ᠫᠠᠩ)

ᠡᠮᠦᠨᠡᠬᠢ᠄ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠪᠠᠢ᠌ᠭᠤᠯᠭ᠎ᠠ《 ᠤᠯᠤᠰ ᠶᠢᠡᠨ ᠬᠠᠢ᠌ᠷᠠᠯᠠᠬᠤ ᠡᠷᠡᠭᠦᠯ ᠬᠠᠮᠠᠭᠠᠯᠠᠯ ᠤᠨ ᠰᠠᠷ᠎ᠠ》 ᠶᠢᠨ ᠴᠡᠪᠡᠷᠯᠡᠭᠡ ᠶᠢᠨ ᠠᠵᠢ᠍ᠯᠯᠠᠭ᠎ᠠ ᠦᠷᠨᠢᠭᠦᠯᠪᠡ
ᠳᠠᠷᠠᠭᠠᠬᠢ᠄ ᠬᠤᠳ᠋ᠠ ᠶᠢᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠤᠨ ᠨᠢ᠋ᠮᠠᠳ᠋ᠤᠭᠠᠷ ᠪᠠᠢ᠌ᠴᠠᠭᠠᠨ ᠵᠢᠯᠤᠭᠤᠳᠬᠤ ᠲᠤᠭᠤᠢ᠌ᠯᠠᠩ ᠤᠨ ᠬᠢᠨ ᠬᠤᠰᠢ᠍ᠭᠤᠨ ᠤ ᠠᠷᠠᠳ ᠤᠨ ᠲᠦ᠋ᠯᠦᠭᠡᠯᠡᠭ᠍ᠴᠢ᠍ᠳ ᠤᠨ ᠶᠡᠬᠡ ᠬᠤᠷᠠᠯ ᠤᠨ ᠪᠠᠢ᠌ᠩᠭ᠋ᠤ ᠶᠢᠨ ᠬᠤᠷᠢ᠍ᠶᠠᠨ ᠤ ᠨᠠᠮ ᠤᠨ ᠤᠳ᠋ᠤᠷᠢ᠍ᠳᠬᠤ ᠲᠤᠭᠤᠢ᠌ᠯᠠᠩ ᠤᠨ ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢ᠍ᠯ ᠦᠷᠨᠢᠭᠦᠯᠦᠭ᠍ᠰᠡᠨ ᠪᠠᠢ᠌ᠳ᠋ᠠᠯ ᠢ ᠪᠠᠢ᠌ᠴᠠᠭᠠᠨ ᠵᠢᠯᠤᠭᠤᠳᠪᠠ