ᠵᠠᠷᠤᠤᠨ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠴᠠᠰᠤ ᠮᠦ᠋ᠰᠤ ᠠᠷᠢᠯᠭᠠᠬᠤ ᠠᠵᠢᠯᠯᠠᠭ᠎ᠠ ᠦᠷᠨᠢᠬᠦᠯᠪᠡ

11 ᠰᠠᠷ᠎ᠠ ᠶᠢᠨ 9 ᠤ ᠡᠳ᠋ᠤᠷ ᠤᠨ ᠦᠳ᠋ᠠ ᠶᠢᠨ ᠡᠮᠤᠨ᠎ᠠ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠰᠠᠢ᠌ᠨ ᠲᠤᠷ᠎ᠠ ᠶᠢᠨ ᠤᠢ᠌ᠯᠡᠴᠢᠯᠡᠭᠡᠨ ᠤ ᠠᠩᠬᠢ ᠶᠢ ᠵᠤᠬᠢᠶᠠᠨ ᠪᠠᠢ᠌ᠭᠤᠯᠵᠤ᠂ ᠬᠤᠪᠢᠶᠠᠨ ᠬᠠᠷᠢᠭᠤᠴᠠᠭᠰᠠᠨ ᠴᠡᠭ᠌ ᠲᠣ ᠬᠦᠷᠴᠤ᠂〈ᠴᠠᠰᠤ ᠮᠦ᠋ᠰᠤ ᠠᠷᠢᠯᠭᠠᠬᠤ〉 ᠠᠵᠢᠯᠯᠠᠭ᠎ᠠ ᠦᠷᠨᠢᠬᠦᠯᠪᠡ᠃ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠤ ᠴᠢᠩ ᠬᠠᠢ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠲᠠᠳ᠋ ᠡᠷᠬᠢᠯᠡᠭ᠍ᠴᠢ ᠶᠢᠨ ᠵᠢᠱᠢᠭ᠍ᠳ᠋ᠡᠴᠢ ᠵᠠᠩ ᠶᠦ᠋ᠩ ᠴᠢᠶᠠᠩ ᠪᠠ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠨᠠᠷᠢᠨ ᠪᠢᠴᠢᠭ᠌ ᠤᠨ ᠲᠠᠷᠤᠭ᠎ᠠ ᠯᠢ ᠴᠸᠩ ᠬᠦᠸᠸ ᠲᠤᠰ ᠠᠵᠢᠯᠯᠠᠭ᠎ᠠ ᠳ᠋ᠥ ᠤᠷᠤᠯᠴᠠᠪᠠ᠃
ᠴᠠᠰᠤ ᠮᠦ᠋ᠰᠤ ᠶᠢ ᠱᠦ᠋ᠬᠦᠷᠳ᠋ᠡᠨ ᠠᠷᠢᠯᠭᠠᠬᠤ ᠶᠠᠪᠤᠴᠨ ᠳ᠋ᠥ᠂ ᠤᠯᠠᠨ ᠶᠢᠡᠷ ᠶᠢᠡᠨ ᠬᠠᠬᠢᠷ ᠬᠦᠢᠳ᠋ᠡᠨ ᠡᠴᠨ ᠠᠶᠤᠬᠤ ᠦᠭᠡᠶ᠂ ᠲᠠᠮᠤᠷ ᠬᠦᠷᠵᠨ᠂ ᠱᠦ᠋ᠬᠦᠷ ᠪᠠᠷᠢᠯᠴᠠᠵᠠᠭᠠᠨ ᠬᠤᠷᠠᠭᠰᠨᠨ ᠴᠠᠰᠤ ᠶᠢ ᠴᠡᠪᠡᠷᠯᠡᠬᠦ ᠬᠠᠯᠠᠭᠤᠨ ᠤᠷᠤᠰᠬᠠᠯ ᠳ᠋ᠥ ᠢᠳ᠋ᠡᠪᠬᠢᠳ᠋ᠠᠢ ᠤᠷᠤᠯᠴᠠᠪᠠ᠃ ᠤᠯᠨᠨ ᠤ ᠬᠠᠮᠳ᠋ᠤ ᠶᠢᠨ ᠴᠢᠷᠮᠠᠢ᠌ᠯᠭ᠎ᠠ ᠪᠠᠷ᠂ ᠬᠤᠪᠢᠶᠠᠨ ᠬᠠᠷᠢᠭᠤᠴᠠᠭᠰᠨᠨ ᠴᠡᠭ᠌ ᠲᠠᠬᠢ ᠴᠠᠰᠤ ᠮᠦ᠋ᠰᠤ ᠶᠢ ᠦᠨᠳ᠋ᠤᠰᠤᠨ ᠳᠡᠭᠡᠨ ᠴᠡᠪᠡᠷᠯᠡᠨ ᠲᠠᠭᠤᠰᠬᠠᠵᠤ᠂ ᠬᠤᠷᠠᠭᠰᠨᠨ ᠴᠠᠰᠤᠨ ᠳ᠋ᠥ ᠬᠤᠴᠢᠭᠳ᠋ᠠᠭᠰᠨᠨ ᠤᠤᠯ ᠤᠨ 〈ᠠᠮᠤᠷ ᠲᠦ᠋ᠪᠰᠢᠨ ᠶᠢᠡᠷ ᠶᠠᠪᠤᠵᠤ ᠰᠠᠭᠤᠬᠤ ᠵᠠᠮ〉 ᠢᠯᠡᠷᠡᠪᠡ᠃