ᠤᠳᠤ ᠶᠢᠨ ᠪᠠᠢ᠌ᠷᠢ᠄ ᠴᠢᠬᠤᠯᠠ ᠮᠡᠳᠡᠭᠡ → ᠡᠤ ᠴᠢᠩ ᠬᠠᠢ ᠦᠨᠳ᠋ᠤᠰᠤᠨ ᠱᠠᠳ᠋ᠤᠨ ᠤ ᠠᠵᠢᠯ ᠢ᠁
ᠡᠤ ᠴᠢᠩ ᠬᠠᠢ ᠦᠨᠳ᠋ᠤᠰᠤᠨ ᠱᠠᠳ᠋ᠤᠨ ᠤ ᠠᠵᠢᠯ ᠢ ᠵᠢᠭᠠᠨ ᠵᠢᠯᠤᠭᠤᠳ᠋ᠤᠭᠰᠠᠨ ᠪᠦᠭᠡᠳ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠲᠦ᠋ᠯᠤᠭᠡᠯᠡᠭ᠍ᠴᠢ ᠶᠢᠨ ᠵᠢᠩᠬᠢᠨᠢ ᠵᠢᠱᠢᠭ᠍ᠳ᠋ᠡᠭ᠍ᠴᠢ ᠶᠢᠨ ᠬᠤᠪᠢ ᠪᠠᠷ ᠰᠤᠩᠭ᠋ᠤᠭᠤᠯᠢ ᠶᠢᠨ ᠠᠷᠠᠳ ᠤᠨ ᠲᠦ᠋ᠯᠤᠭᠡᠯᠡᠭ᠍ᠴᠢᠳ ᠲᠡᠶ ᠠᠭᠤᠯᠵᠠᠵᠤ ᠰᠠᠨᠠᠯ ᠰᠤᠯᠢᠯᠴᠠᠪᠠ

                   

                  11 ᠰᠠᠷ᠎ᠠ ᠶᠢᠨ 9 ᠤ ᠡᠳ᠋ᠤᠷ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠤ ᠴᠢᠩ ᠬᠠᠢ ᠪᠠᠶᠠᠷᠳ᠋ᠤᠬᠤᠰᠢᠭᠤ ᠪᠠᠯᠭᠠᠰᠤᠨ ᠳ᠋ᠥ ᠬᠦᠷᠴᠤ ᠴᠠᠰᠤᠨ ᠭᠠᠮᠰᠢᠭ ᠤᠨ ᠪᠠᠢ᠌ᠳ᠋ᠠᠯ ᠢ ᠪᠠᠢ᠌ᠴᠠᠭᠠᠨ ᠵᠢᠯᠤᠭᠤᠳ᠋ᠤᠭᠰᠠᠨ ᠪᠦᠭᠡᠳ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠵᠢᠩᠭ᠍ᠬᠢᠨᠢ ᠲᠦ᠋ᠯᠤᠭᠡᠯᠡᠭ᠍ᠴᠢ ᠶᠢᠨ ᠵᠢᠱᠢᠭ᠍ᠳ᠋ᠡᠭ᠍ᠴᠢ ᠶᠢᠨ ᠬᠤᠪᠢ ᠪᠠᠷ ᠪᠠᠢ᠌ᠭ᠎ᠠ ᠰᠤᠩᠭ᠋ᠤᠭᠤᠯᠢ ᠶᠢᠨ ᠲᠤᠭᠤᠷᠢᠭ ᠲᠠᠭᠠᠨ ᠰᠤᠩᠭ᠋ᠤᠭᠤᠯᠢ ᠶᠢᠨ ᠠᠷᠠᠳ ᠲᠡᠶ ᠠᠭᠤᠯᠵᠠᠵᠤ ᠶᠠᠷᠢᠯᠴᠠᠪᠠ᠃

                   

                  ᠡᠤ ᠴᠢᠩ ᠬᠠᠢ ᠪᠠᠶᠠᠷᠳ᠋ᠣᠬᠤᠰᠢᠭᠤ ᠪᠠᠯᠭᠠᠰᠤᠨ ᠤ ᠭᠤᠤᠯ ᠬᠠᠷᠢᠭᠤᠴᠠᠯᠭᠠᠳ᠋ᠠᠨ ᠤ ᠠᠵᠢᠯ ᠤᠨ ᠮᠡᠳ᠋ᠡᠬᠦᠯᠤᠯᠳ᠋ᠠ ᠶᠢᠨ ᠰᠤᠨᠤᠰᠬᠤ ᠶᠢᠨ ᠬᠠᠮᠳ᠋ᠤ᠂ ᠤᠮᠠᠷᠠᠳ᠋ᠤ ᠭᠡᠰᠡᠭ᠌ ᠤᠨ ᠮᠠᠯᠵᠢᠬᠤ ᠤᠷᠤᠨ ᠤ ᠴᠠᠰᠤᠨ ᠭᠠᠮᠰᠢᠭ ᠤᠨ ᠪᠠᠢ᠌ᠳ᠋ᠠᠯ ᠪᠠ ᠵᠠᠮ ᠬᠠᠷᠢᠯᠴᠠᠭᠠᠨ ᠤ ᠠᠮᠤᠷ ᠲᠦ᠋ᠪᠰᠢᠨ ᠶᠠᠪᠤᠭᠳ᠋ᠠᠵᠤ ᠪᠠᠢ᠌ᠭ᠎ᠠ ᠪᠠᠢ᠌ᠳ᠋ᠠᠯ ᠵᠢᠴᠢ ᠮᠠᠯᠴᠢᠳ ᠤᠨ ᠤᠢ᠌ᠯᠠᠳᠪᠤᠷᠢᠯᠡᠯ ᠠᠮᠢᠳ᠋ᠤᠷᠠᠯ ᠤᠨ ᠪᠠᠢ᠌ᠳ᠋ᠠᠯ ᠢ ᠨᠠᠷᠢᠨ ᠤᠢ᠌ᠯᠠᠭᠠᠪᠠ᠃ ᠡᠣ ᠴᠢᠩ ᠬᠠᠢ ᠡᠴᠨ᠂ ᠪᠠᠶᠠᠷᠳ᠋ᠤᠬᠤᠰᠢᠭᠤ ᠪᠠᠯᠭᠠᠰᠤᠨ ᠤ ᠨᠠᠮ ᠵᠠᠰᠠᠭ ᠡᠴᠨ ᠴᠠᠭ ᠠᠭᠤᠷ ᠤᠨ ᠬᠤᠪᠢᠷᠠᠯᠳ᠋ᠠ ᠶᠢ ᠴᠠᠭ ᠢᠮᠠᠭᠳ᠋ᠠ ᠠᠩᠬᠠᠷᠴᠤ᠂ ᠤᠷᠢᠳ᠋ᠠᠴᠢ ᠤᠢ᠌ᠯᠡᠴᠢᠯᠡᠭᠡ ᠶᠢ ᠬᠦᠢᠴᠡᠳ ᠰᠠᠢ᠌ᠳ᠋ᠤᠷ ᠬᠢᠬᠦ ᠭᠡᠷᠡᠭ᠍ᠳ᠋ᠡᠢ᠃ ᠠᠰᠠᠭᠤᠳ᠋ᠠᠯ ᠶᠢᠡᠷ ᠤᠳ᠋ᠤᠷᠢᠳ᠋ᠤᠮᠵᠢ ᠪᠤᠯᠭᠠᠬᠤ ᠶᠢ ᠪᠠᠷᠢᠮᠳ᠋ᠠᠯᠠᠵᠤ᠂ ᠠᠮᠤᠷ ᠲᠦ᠋ᠪᠰᠢᠨ ᠤ ᠭᠡᠮ ᠰᠤᠭᠤᠭ ᠢ ᠪᠦᠬᠦ ᠲᠠᠯ᠎ᠠ ᠪᠠᠷ ᠤᠢ᠌ᠯᠠᠭᠠᠵᠤ ᠠᠷᠢᠯᠭᠠᠨ᠂ ᠪᠠᠴᠢᠮ ᠪᠠᠢ᠌ᠳ᠋ᠠᠯ ᠢ ᠠᠷᠭᠠᠴᠠᠨ ᠰᠢ᠌ᠳᠪᠤᠷᠢᠯᠡᠬᠦ ᠠᠵᠢᠯ ᠢ ᠯᠠᠪᠳ᠋ᠠᠭᠤᠨ ᠪᠠᠳ᠋ᠤᠳ᠋ᠠᠢ ᠰᠠᠢ᠌ᠳ᠋ᠤᠷ ᠬᠢᠵᠤ᠂ ᠪᠠᠴᠢᠮ ᠪᠠᠢ᠌ᠳ᠋ᠠᠯ ᠢ ᠠᠷᠭᠠᠴᠠᠬᠤ ᠴᠢᠳ᠋ᠠᠪᠤᠷᠢ ᠪᠠᠨ ᠲᠠᠰᠤᠷᠠᠯᠳ᠋ᠠ ᠦᠭᠡᠶ ᠲᠠᠭᠡᠭ᠍ᠰᠢᠯᠡᠬᠦᠯᠤᠨ᠂ ᠡᠯ᠎ᠠ ᠲᠦ᠋ᠷᠤᠯ ᠤᠨ ᠭᠡᠨᠡᠳᠳ᠋ᠠ ᠶᠢᠨ ᠭᠡᠷᠡᠭ᠌ ᠡᠬᠦᠰᠬᠦ ᠶᠢ ᠪᠦᠳ᠋ᠤᠮᠵᠢᠳ᠋ᠠᠢ ᠰᠡᠷᠭᠡᠢ᠌ᠯᠡᠨ ᠠᠷᠭᠠᠴᠠᠬᠤ ᠭᠡᠷᠡᠭ᠍ᠳ᠋ᠡᠢ ᠭᠡᠵᠤ ᠴᠢᠬᠤᠯᠠᠴᠢᠯᠠᠵᠠᠢ᠃

                

               ᠡᠤ ᠴᠢᠩ ᠬᠠᠢ᠂ ᠪᠠᠶᠠᠷᠳ᠋ᠤᠬᠤᠰᠢᠭᠤ ᠪᠠᠯᠭᠠᠰᠤᠨ ᠤ ᠬᠤᠪᠤᠯᠳ᠋ᠤ ᠭᠠᠴᠠᠭ᠎ᠠ ᠪᠤᠯᠤᠨ ᠲᠦ᠋ᠷᠪᠡᠯᠵᠢ ᠭᠠᠴᠠᠭ᠎ᠠ ᠳ᠋ᠥ ᠵᠠᠷᠤᠤᠨ ᠬᠤᠰᠢᠭᠤᠨ ᠤ ᠠᠷᠪᠠᠨ ᠲᠤᠯᠤᠳ᠋ᠤᠭᠠᠷ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠲᠦ᠋ᠯᠤᠭᠡᠯᠡᠭ᠍ᠴᠢ ᠶᠢᠨ ᠵᠢᠩᠭ᠍ᠬᠢᠨᠢ ᠵᠢᠱᠢᠭ᠍ᠳ᠋ᠡᠭ᠍ᠴᠢ ᠶᠢᠨ ᠬᠤᠪᠢ ᠪᠠᠷ ᠰᠤᠩᠭ᠋ᠤᠭᠤᠯᠢ ᠶᠢᠨ ᠠᠷᠠᠳ ᠤᠨ ᠲᠦ᠋ᠯᠤᠭᠡᠯᠡᠭ᠍ᠴᠢ ᠲᠡᠶ ᠠᠭᠤᠯᠵᠠᠭᠰᠨᠨ ᠪᠦᠭᠡᠳ ᠰᠠᠭᠤᠳ᠋ᠠᠯ ᠤᠨ ᠬᠤᠷᠠᠯ ᠬᠤᠷᠠᠯᠳ᠋ᠤᠭᠤᠯᠤᠨ᠂ ᠰᠤᠩᠭ᠋ᠤᠭᠤᠯᠢ ᠶᠢᠨ ᠠᠷᠠᠳ ᠲᠣ ᠲᠦ᠋ᠯᠤᠭᠡᠯᠡᠭ᠍ᠴᠢ ᠶᠢᠨ ᠵᠢᠱᠢᠭ᠍ᠳ᠋ᠡᠭ᠍ᠴᠢ ᠶᠢᠨ ᠦᠨᠡᠨ ᠪᠤᠳ᠋ᠠᠳ᠋ᠠᠢ ᠪᠠᠢ᠌ᠳ᠋ᠠᠯ ᠢ ᠪᠦᠬᠦ ᠲᠠᠯ᠎ᠠ ᠪᠠᠷ᠂ ᠬᠦᠢᠴᠡᠳ ᠲᠠᠨᠢᠭᠤᠯᠵᠤ᠂ ᠪᠢᠯᠸᠲ ᠦᠭ᠍ᠴᠤ ᠰᠤᠩᠭ᠋ᠤᠬᠤ ᠶᠢᠨ ᠤᠨᠤᠪᠴᠢᠳ᠋ᠤ ᠴᠢᠨᠠᠷ ᠪᠠ ᠰᠤᠩᠭ᠋ᠤᠭᠤᠯᠢ ᠶᠢᠨ ᠠᠵᠢᠯ ᠤᠨ ᠴᠢᠨᠠᠷ ᠴᠢᠨᠰᠠᠭ᠎ᠠ ᠶᠢ ᠲᠠᠭᠡᠭ᠍ᠰᠢᠯᠡᠬᠦᠯᠤᠨ᠂ ᠤᠯᠨᠨ ᠲᠦ᠋ᠮᠨᠨ ᠳ᠋ᠥ ᠲᠠᠭᠠᠰᠢᠶᠠᠭᠳ᠋ᠠᠭᠰᠨᠨ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠲᠦ᠋ᠯᠤᠭᠡᠯᠡᠭ᠍ᠴᠢ ᠶᠢ ᠰᠤᠩᠭ᠋ᠤᠨ ᠭᠠᠷᠭᠠᠬᠤ ᠶᠢ ᠪᠠᠳ᠋ᠤᠯᠠᠪᠠ᠃

                ᠠᠭᠤᠯᠵᠠᠯᠳ᠋ᠠ ᠶᠢᠨ ᠬᠤᠷᠠᠯ ᠲᠠᠭᠡᠷ᠎ᠠ᠂ ᠡᠤ ᠴᠢᠩ ᠬᠠᠢ ᠪᠤᠯᠤᠨ ᠰᠤᠩᠭ᠋ᠤᠭᠤᠯᠢ ᠶᠢᠨ ᠠᠷᠠᠳ ᠤᠨ ᠲᠦ᠋ᠯᠤᠭᠡᠯᠡᠭ᠍ᠴᠢ ᠬᠦᠨᠵᠡᠭᠡᠢ ᠰᠠᠨᠠᠯ ᠰᠤᠯᠢᠯᠴᠠᠨ᠂ ᠤᠯᠨᠨ ᠳ᠋ᠥ ᠬᠤᠪᠢ ᠬᠦᠮᠤᠨ ᠤ ᠦᠩᠭᠡᠷᠡᠯᠳ᠋ᠠ ᠪᠠ ᠠᠵᠢᠯ ᠤᠨ ᠪᠠᠢ᠌ᠳ᠋ᠠᠯ ᠶᠢᠡᠨ ᠲᠠᠨᠢᠯᠴᠠᠭᠤᠯᠪᠠ᠃ ᠡᠤ ᠴᠢᠩ ᠬᠠᠢ᠂ ᠦᠷᠭᠡᠨ ᠤᠯᠠᠨ ᠰᠤᠩᠭ᠋ᠤᠭᠤᠯᠢ ᠶᠢᠨ ᠠᠷᠠᠳ ᠨᠠᠳ᠋ᠠ ᠶᠢ ᠢᠳ᠋ᠡᠭᠡᠵᠤ ᠨᠠᠳ᠋ᠠ ᠶᠢ ᠲᠡᠮᠵᠢᠭ᠍ᠰᠨᠨ ᠳ᠋ᠥ ᠲᠠᠯᠠᠷᠬᠠᠵᠤ ᠪᠠᠢ᠌ᠨ᠎ᠠ᠂ ᠭᠡᠷᠪᠡ ᠰᠢᠨ᠎ᠠ ᠨᠢᠭᠡ ᠬᠤᠭᠤᠴᠠᠭᠠᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠲᠦ᠋ᠯᠤᠭᠡᠯᠡᠭ᠍ᠴᠢ ᠪᠠᠷ ᠰᠤᠩᠭ᠋ᠤᠭᠳ᠋ᠠᠪᠠᠯ᠂ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠲᠦ᠋ᠯᠤᠭᠡᠯᠡᠭ᠍ᠴᠢ ᠶᠢᠨ ᠭᠤᠤᠯ ᠴᠤᠭᠴᠨ ᠶᠢᠨ ᠤᠢ᠌ᠯᠡᠳ᠋ᠤᠯ ᠢ ᠬᠦᠢᠴᠡᠳ ᠰᠠᠢ᠌ᠳ᠋ᠤᠷ ᠪᠠᠳ᠋ᠠᠷᠠᠭᠤᠯᠵᠤ᠂ ᠠᠷᠠᠳ ᠲᠦ᠋ᠮᠨᠨ ᠶᠢᠡᠷ ᠭᠤᠤᠯ ᠪᠤᠯᠭᠠᠬᠤ ᠬᠦᠭ᠍ᠵᠢᠯᠳ᠋ᠠ ᠶᠢᠨ ᠦᠵᠡᠯ ᠰᠠᠨᠠᠭ᠎ᠠ ᠶᠢ ᠬᠢᠨᠠᠮᠠᠭᠠᠢ ᠤᠢ᠌ᠯᠡᠳ᠋ᠤᠯᠭᠡᠵᠢᠬᠦᠯᠤᠨ᠂ ᠤᠯᠠᠨ ᠲᠦ᠋ᠮᠨᠨ ᠲᠡᠶ ᠨᠢᠭᠳ᠋ᠠ ᠬᠠᠷᠢᠯᠴᠠᠵᠤ᠂ ᠤᠯᠨᠨ ᠲᠦ᠋ᠮᠨᠨ ᠤ ᠰᠡᠳᠬᠢᠯ ᠤᠨ ᠦᠭᠡ ᠶᠢ ᠰᠤᠨᠤᠰᠤᠨ᠂ ᠤᠯᠨᠨ ᠲᠦ᠋ᠮᠨᠨ ᠤ ᠪᠠᠴᠢᠮ᠂ ᠬᠦᠴᠢᠷ᠂ ᠵᠤᠪᠠᠭᠤᠷᠢ ᠪᠠ ᠬᠦᠰᠡᠯ ᠡᠷᠡᠮᠡᠯᠵᠡᠯ ᠢ ᠪᠦᠬᠦ ᠬᠦᠴᠤᠨ ᠶᠢᠡᠷ ᠰᠢ᠌ᠳᠪᠤᠷᠢᠯᠡᠵᠤ᠂ ᠲᠦ᠋ᠯᠤᠭᠡᠯᠡᠭ᠍ᠴᠢ ᠶᠢᠨ ᠬᠦᠬᠦᠷᠭᠡ ᠬᠤᠯᠪᠤᠭᠠᠰᠤ ᠶᠢᠨ ᠤᠢ᠌ᠯᠡᠳ᠋ᠤᠯ ᠢ ᠬᠦᠢᠴᠡᠳ ᠪᠠᠳ᠋ᠠᠷᠠᠭᠤᠯᠤᠨ᠂ ᠰᠡᠳᠬᠢᠯ ᠨᠢᠭᠡᠳ᠋ᠤᠨ ᠬᠦᠴᠤ ᠪᠠᠨ ᠬᠠᠮᠳ᠋ᠤᠳᠬᠠᠵᠤ ᠠᠵᠤ ᠠᠬᠤᠢ ᠨᠡᠢ᠌ᠭᠡᠮ ᠤᠨ ᠬᠦᠭ᠍ᠵᠢᠯᠳ᠋ᠠ ᠳ᠋ᠥ ᠠᠷᠭ᠎ᠠ ᠤᠬᠠᠭᠠᠨ ᠭᠠᠷᠭᠠᠵᠤ ᠬᠦᠴᠤᠨ ᠴᠢᠳ᠋ᠠᠯ ᠶᠢᠡᠨ ᠡᠷᠬᠦᠨ᠂ ᠪᠤᠳ᠋ᠠᠳ᠋ᠤ ᠠᠵᠢᠯᠯᠠᠭ᠎ᠠ ᠪᠠ ᠪᠤᠳ᠋ᠠᠳ᠋ᠤ ᠦᠷ᠎ᠠ ᠪᠦᠳ᠋ᠤᠮᠵᠢ ᠪᠠᠷ ᠶᠢᠡᠨ ᠤᠯᠨᠨ ᠲᠦ᠋ᠮᠨᠨ ᠤ ᠲᠠᠮᠵᠢᠯᠭᠡ ᠪᠠ ᠢᠳ᠋ᠡᠭᠡᠯ ᠢ ᠬᠠᠷᠢᠭᠤᠯᠤᠨ᠎ᠠ ᠭᠡᠵᠤ ᠢᠯᠡᠷᠭᠡᠢ᠌ᠯᠡᠪᠡ᠃

ᠡᠮᠦᠨᠡᠬᠢ᠄ ᠵᠠᠷᠤᠤᠨ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠴᠠᠰᠤ ᠮᠦ᠋ᠰᠤ ᠠᠷᠢᠯᠭᠠᠬᠤ ᠠᠵᠢᠯᠯᠠᠭ᠎ᠠ ᠦᠷᠨᠢᠬᠦᠯᠪᠡ
ᠳᠠᠷᠠᠭᠠᠬᠢ᠄ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠪᠠᠢ᠌ᠭᠤᠯᠭ᠎ᠠ ᠶᠢᠨ ᠨᠠᠮ ᠤᠨ ᠤᠳ᠋ᠤᠷᠢᠳᠬᠤ ᠲᠤᠭᠤᠢ᠌ᠯᠠᠩ ᠤᠨ ᠬᠠᠷᠢᠭᠤᠴᠠᠯᠭᠠᠳ᠋ᠠᠨ ᠬᠤᠯᠪᠤᠭᠠᠯᠠᠨ ᠲᠠᠭᠠᠭᠠᠴᠢᠯᠠᠭᠰᠨᠨ ᠭᠠᠵᠠᠷ ᠤᠷᠤᠨ ᠤ ᠠᠵᠢᠯ ᠢ ᠪᠠᠢ᠌ᠴᠠᠭᠠᠨ ᠵᠢᠯᠤᠭᠤᠳᠪᠠ