ᠤᠳᠤ ᠶᠢᠨ ᠪᠠᠢ᠌ᠷᠢ᠄ ᠴᠢᠬᠤᠯᠠ ᠮᠡᠳᠡᠭᠡ → ᠡᠤ ᠴᠢᠩ ᠬᠠᠢ ᠤᠯᠠᠭᠠᠨᠬᠠᠳ᠋ᠠ ᠰᠤᠮᠤ ᠶᠢᠨ᠁
ᠡᠤ ᠴᠢᠩ ᠬᠠᠢ ᠤᠯᠠᠭᠠᠨᠬᠠᠳ᠋ᠠ ᠰᠤᠮᠤ ᠶᠢᠨ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠢ ᠵᠢᠭᠠᠨ ᠵᠢᠯᠤᠭᠤᠳᠪᠠ

         
            12 ᠰᠠᠷ᠎ᠠ ᠶᠢᠨ 25 ᠤ ᠡᠳ᠋ᠤᠷ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠤ ᠴᠢᠩ ᠬᠠᠢ ᠤᠯᠠᠭᠠᠨᠬᠠᠳ᠋ᠠ ᠰᠤᠮᠤ ᠶᠢᠨ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠢ ᠵᠢᠭᠠᠨ ᠵᠢᠯᠤᠭᠤᠳᠪᠠ᠃ ᠬᠤᠰᠢᠭᠤᠨ ᠲᠠᠳ᠋ ᠲᠠᠷᠤᠭ᠎ᠠ ᠳ᠋ᠢᠩ ᡁᠢ ᠭᠠᠩ᠂ ᠬᠤᠰᠢᠭᠤᠨ ᠤ ᠤᠯᠤᠰ ᠲᠦ᠋ᠷᠤ ᠶᠢᠨ ᠵᠦ᠋ᠪᠯᠡᠯᠭᠡᠨ ᠤ ᠲᠠᠳ᠋ ᠲᠠᠷᠢᠬᠦᠯᠡᠭ᠍ᠴᠢ ᠳ᠋ᠠᠢ ᠪᠤᠤ ᠯᠢᠨ ᠵᠢᠴᠢ ᠵᠢᠴᠢ ᠬᠤᠰᠢᠭᠤᠨ ᠤ ᠬᠠᠮᠢᠶ᠎ᠠ ᠪᠦᠬᠦᠢ ᠪᠠᠢ᠌ᠭᠤᠯᠭ᠎ᠠ ᠶᠢᠨ ᠬᠠᠷᠢᠭᠤᠴᠠᠯᠭᠠᠳ᠋ᠠᠨ ᠪᠠᠷ᠎ᠠ ᠪᠤᠯᠪᠠ᠃

         

          ᠡᠤ ᠴᠢᠩ ᠬᠠᠢ ᠨᠡᠷ ᠡᠷᠳ᠋ᠡᠨᠢᠪᠤᠯᠠᠭ ᠭᠠᠴᠠᠭᠠᠨ ᠤ ᠶᠠᠳ᠋ᠠᠭᠤ ᠡᠴᠨ ᠠᠩᠬᠢᠵᠢᠷᠠᠭᠰᠨᠨ ᠡᠷᠤᠭᠡ ᠲᠣ ᠶᠠᠷᠢᠯᠴᠠᠨ ᠠᠰᠠᠭᠤᠬᠤ᠂ ᠶᠠᠳ᠋ᠠᠭᠤ ᠡᠴᠨ ᠠᠩᠬᠢᠵᠢᠷᠠᠭᠰᠠᠨ ᠡᠷᠤᠭᠡ ᠶᠢᠨ ᠲᠠᠩᠰᠨ ᠮᠠᠲ᠋ᠸᠷᠢᠶᠠᠯ ᠢ ᠪᠠᠢ᠌ᠴᠠᠭᠠᠨ ᠦᠵᠡᠬᠦ ᠪᠠᠷ ᠲᠠᠮᠵᠢᠨ᠂ ᠶᠠᠳ᠋ᠠᠭᠤ ᠡᠴᠨ ᠠᠩᠬᠢᠵᠢᠷᠠᠭᠰᠨᠨ ᠡᠷᠤᠭᠡ ᠳ᠋ᠥ ᠲᠦ᠋ᠷᠤ ᠶᠢᠨ ᠪᠤᠳ᠋ᠤᠯᠭ᠎ᠠ ᠶᠢ ᠨᠠᠢ᠌ᠳ᠋ᠠᠪᠤᠷᠢᠵᠢᠭᠤᠯᠤᠭᠰᠨᠨ ᠪᠠᠢ᠌ᠳ᠋ᠠᠯ᠂ ᠠᠮᠢᠳ᠋ᠤᠷᠠᠯ ᠤᠨ ᠨᠦ᠋ᠬᠦᠴᠡᠯ᠂ ᠤᠷᠤᠯᠭ᠎ᠠ ᠶᠢᠨ ᠪᠤᠳ᠋ᠤᠯᠳ᠋ᠠ᠂ ᠤᠷᠤᠨ ᠰᠠᠭᠤᠴᠨ ᠶᠢᠨ ᠠᠮᠤᠷ ᠲᠦ᠋ᠪᠰᠢᠨ ᠤ ᠪᠠᠢ᠌ᠳ᠋ᠠᠯ ᠢ ᠠᠰᠠᠭᠤᠨ ᠯᠠᠪᠯᠠᠭᠰᠨᠨ ᠪᠠ ᠪᠠᠢ᠌ᠳ᠋ᠠᠯ ᠢ ᠨᠠᠷᠢᠯᠢᠭ ᠤᠢ᠌ᠯᠠᠭᠠᠪᠠ᠃
           ᠲᠤᠬᠠᠢ ᠶᠢᠨ ᠭᠠᠵᠠᠷ ᠲᠣ ᠬᠢᠨᠠᠨ ᠪᠠᠢ᠌ᠴᠠᠭᠠᠭᠰᠨᠨ ᠤ ᠲᠠᠷᠠᠭ᠎ᠠ᠂ ᠲᠤᠬᠠᠢ᠌ᠯᠠᠭᠰᠨᠨ ᠠᠵᠢᠯ ᠢ ᠵᠢᠯᠤᠭᠤᠳᠬᠤ ᠰᠠᠭᠤᠳ᠋ᠠᠯ ᠤᠨ ᠬᠤᠷᠠᠯ ᠬᠤᠷᠠᠯᠳ᠋ᠤᠭᠤᠯᠵᠤ᠂ ᠤᠳ᠋ᠤᠬᠠᠨ ᠤ ᠠᠵᠢᠯ ᠲᠤᠮᠳ᠋ᠠ ᠤᠷᠤᠰᠢᠵᠤ ᠪᠠᠢ᠌ᠭ᠎ᠠ ᠠᠰᠠᠭᠤᠳ᠋ᠠᠯ ᠪᠠ ᠲᠠᠷᠠᠭᠠᠴᠢ ᠶᠢᠨ ᠠᠵᠢᠯ ᠳ᠋ᠥ ᠵᠢᠯᠤᠭᠤᠳᠬᠤ ᠴᠢᠨᠠᠷ ᠲᠡᠶ ᠰᠠᠨᠠᠯ ᠰᠠᠨᠠᠭᠤᠯᠭ᠎ᠠ ᠲᠤᠷᠠᠳᠬᠤ ᠶᠢᠨ ᠬᠠᠮᠳ᠋ᠤ᠂ ᠤᠯᠠᠭᠠᠨᠬᠠᠳ᠋ᠠ ᠰᠤᠮᠤ ᠶᠢᠨ ᠨᠠᠮ ᠵᠠᠰᠠᠭ ᠤᠨ ᠬᠠᠷᠢᠭᠤᠴᠠᠯᠭᠠᠳ᠋ᠠᠨ ᠤᠯᠤᠰ ᠲᠦ᠋ᠷᠤ ᠶᠢᠨ ᠵᠤᠭᠰᠤᠴᠨ ᠪᠠᠨ ᠲᠠᠭᠡᠭ᠍ᠰᠢᠯᠡᠬᠦᠯᠵᠤ᠂ ᠬᠠᠪᠰᠤᠷᠤᠨ ᠬᠤᠯᠪᠤᠭᠠᠯᠠᠬᠤ ᠠᠵᠢᠯ ᠢ ᠯᠠᠪᠳ᠋ᠠᠭᠤᠨ ᠪᠠᠳ᠋ᠤᠳ᠋ᠠᠢ ᠦᠷᠨᠢᠬᠦᠯᠤᠨ᠂ ᠡᠷᠤᠭᠡ ᠳ᠋ᠥ ᠤᠷᠤᠵᠤ ᠬᠠᠷᠭᠤᠭᠤᠯᠤᠨ ᠪᠠᠢ᠌ᠴᠠᠭᠠᠬᠤ᠂ ᠴᠤᠭᠯᠠᠭᠤᠯᠤᠭᠰᠨᠨ ᠮᠡᠳ᠋ᠡᠭᠡ ᠵᠠᠩᠬᠢ ᠶᠢ ᠰᠢᠨᠡᠳᠭᠡᠬᠦ᠂ ᠲᠦ᠋ᠷᠤ ᠶᠢᠨ ᠪᠤᠳ᠋ᠤᠯᠭ᠎ᠠ ᠶᠢ ᠤᠬᠠᠭᠤᠯᠬᠤ᠂ ᠤᠢ᠌ᠯᠡᠴᠢᠯᠡᠭᠡ ᠪᠠᠷ ᠤᠳ᠋ᠤᠷᠢᠳ᠋ᠤᠨ ᠲᠠᠭᠠᠭᠤᠯᠬᠤ ᠪᠠ ᠰᠤᠮᠤ ᠭᠠᠴᠠᠭ᠎ᠠ ᠬᠤᠶᠠᠷ ᠱᠠᠳ᠋ᠤᠨ ᠤ ᠲᠠᠩᠰᠨ ᠡᠪᠭᠡᠮᠡᠯ ᠤᠨ ᠠᠵᠢᠯ ᠢ ᠲᠠᠬᠦᠯᠳ᠋ᠡᠷᠵᠢᠬᠦᠯᠬᠦ ᠠᠵᠢᠯ ᠢ ᠰᠠᠢ᠌ᠳ᠋ᠤᠷ ᠬᠢᠵᠤ᠂  ᠡᠯ᠎ᠠ ᠭᠠᠴᠠᠭ᠎ᠠ ᠡᠯ᠎ᠠ ᠡᠷᠤᠭᠡ ᠶᠢᠨ ᠪᠠᠢ᠌ᠳ᠋ᠠᠯ ᠢ ᠨᠠᠷᠢᠯᠢᠭ ᠡᠵᠡᠮᠳ᠋ᠡᠵᠤ᠂ ᠡᠯ᠎ᠠ ᠵᠤᠢ᠌ᠯ ᠤᠨ ᠲᠦ᠋ᠷᠤ ᠶᠢᠨ ᠪᠤᠳ᠋ᠤᠯᠭ᠎ᠠ ᠠᠷᠭ᠎ᠠ ᠠᠪᠴᠠᠯ ᠢ ᠤᠨᠤᠪᠴᠢᠳ᠋ᠠᠢ ᠪᠤᠳ᠋ᠠᠳ᠋ᠠᠢ ᠳ᠋ᠥ ᠨᠠᠢ᠌ᠳ᠋ᠠᠪᠤᠷᠢᠵᠢᠭᠤᠯᠬᠤ ᠭᠡᠷᠭ᠍ᠳ᠋ᠡᠢ᠃ ᠱᠠᠳ᠋ᠤ ᠲᠠᠷᠠᠭᠠᠯᠠᠨ ᠡᠬᠦᠷᠭᠡ ᠶᠢ ᠪᠤᠳ᠋ᠠᠳ᠋ᠠᠢ᠌ᠵᠢᠭᠤᠯᠵᠤ᠂ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠤᠨ ᠬᠠᠷᠠᠯᠳ᠋ᠠ ᠡᠬᠦᠷᠭᠡ ᠪᠠ ᠲᠦ᠋ᠷᠤ ᠶᠢᠨ ᠪᠤᠳ᠋ᠤᠯᠭ᠎ᠠ ᠶᠢᠨ ᠪᠠᠷᠢᠮᠵᠢᠶ᠎ᠠ ᠶᠢ ᠴᠢᠩᠭ᠎ᠠ ᠵᠢᠷᠤᠮᠯᠠᠨ᠂ ᠠᠰᠠᠭᠤᠳ᠋ᠠᠯ ᠢ ᠲᠤᠢ᠌ᠯᠪᠤᠷᠢᠳ᠋ᠠᠢ ᠴᠡᠭ᠍ᠴᠡᠯᠡᠨ ᠵᠠᠰᠠᠬᠤ ᠶᠢ ᠪᠠᠳ᠋ᠤᠯᠠᠬᠤ ᠭᠡᠷᠡᠭ᠍ᠳ᠋ᠡᠢ᠃ ᠤᠨᠴᠠᠭᠠᠢ᠌ᠯᠠᠨ ᠭᠠᠴᠠᠭ᠎ᠠ ᠲᠤᠰᠬᠤᠨ ᠤ ᠬᠤᠶᠠᠷ ᠤᠳ᠋ᠤᠷᠢᠳᠬᠤ ᠪᠠᠭ ᠪᠠ ᠨᠠᠮ ᠤᠨ ᠭᠡᠰᠢᠬᠦᠨ ᠺᠠᠳ᠋ᠷ ᠢ ᠢᠳ᠋ᠡᠪᠬᠢᠳ᠋ᠠᠢ ᠲᠠᠢ᠌ᠴᠢᠯᠠᠨ᠂ ᠤᠯᠨᠨ ᠲᠦ᠋ᠮᠨᠨ ᠤ ᠠᠵᠢᠯ ᠢ ᠨᠠᠷᠢᠯᠢᠭ ᠰᠠᠢ᠌ᠳ᠋ᠤᠷ ᠬᠢᠵᠤ᠂ ᠵᠦ᠋ᠷᠢᠴᠡᠯ ᠢ ᠦᠭᠡᠢ᠌ᠰᠭᠡᠨ᠂ ᠬᠦᠴᠢᠷᠳ᠋ᠡᠯ ᠢ ᠰᠢ᠌ᠳᠪᠤᠷᠢᠯᠡᠵᠤ᠂ ᠤᠯᠨᠨ ᠲᠦ᠋ᠮᠨᠨ ᠤ ᠬᠠᠨᠤᠮᠵᠢ ᠶᠢᠨ ᠭᠡᠮᠵᠢᠶ᠎ᠠ ᠶᠢ ᠲᠠᠰᠤᠷᠠᠯᠳ᠋ᠠ ᠦᠭᠡᠶ ᠲᠠᠭᠡᠭ᠍ᠰᠢᠯᠡᠬᠦᠯᠤᠨ᠂ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠢ ᠦᠨᠳ᠋ᠤᠷ ᠴᠢᠨᠰᠠᠭ᠎ᠠ ᠲᠡᠶ ᠪᠠᠶᠠᠯᠡᠬᠦᠯᠬᠦ ᠭᠡᠷᠡᠭ᠍ᠳ᠋ᠡᠢ ᠭᠡᠵᠤ ᠴᠢᠩᠭ᠋ᠠᠳᠬᠠᠵᠠᠢ᠃ (ᠳ᠋ᠠᠢ ᠰᠢᠶ‍ᠦ᠋ᠩ)

ᠡᠮᠦᠨᠡᠬᠢ᠄ ᠡᠤ ᠴᠢᠩ ᠬᠠᠢ ᠤᠮᠠᠷᠠᠳ᠋ᠤ ᠭᠡᠰᠡᠭ᠌ ᠤᠨ ᠮᠠᠯᠵᠢᠬᠤ ᠤᠷᠤᠨ ᠤ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠢ ᠵᠢᠭᠠᠨ ᠵᠢᠯᠤᠭᠤᠳᠪᠠ
ᠳᠠᠷᠠᠭᠠᠬᠢ᠄ ᠡᠤ ᠴᠢᠩ ᠬᠠᠢ ᠭᠡᠷᠴᠢᠯᠠᠭᠤ ᠰᠤᠮᠤ ᠶᠢᠨ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠢ ᠵᠢᠭᠠᠨ ᠵᠢᠯᠤᠭᠤᠳᠪᠠ