ᠡᠤ ᠴᠢᠩ ᠬᠠᠢ ᠭᠡᠷᠴᠢᠯᠠᠭᠤ ᠰᠤᠮᠤ ᠶᠢᠨ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠢ ᠵᠢᠭᠠᠨ ᠵᠢᠯᠤᠭᠤᠳᠪᠠ

12 ᠰᠠᠷ᠎ᠠ ᠶᠢᠨ 26 ᠤ ᠡᠳ᠋ᠤᠷ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠤ ᠴᠢᠩ ᠬᠠᠢ ᠭᠡᠷᠴᠢᠯᠠᠭᠤ ᠰᠤᠮᠤ ᠶᠢᠨ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠢ ᠵᠢᠭᠠᠨ ᠵᠢᠯᠤᠭᠤᠳᠪᠠ᠃
ᠡᠤ ᠴᠢᠩ ᠬᠠᠢ ᠨᠡᠷ ᠤᠷᠢᠳ ᠬᠤᠵᠢᠳ ᠬᠦᠬᠦᠷᠭᠡ ᠭᠠᠴᠠᠭ᠎ᠠ᠂ ᠪᠤᠷᠤᠬᠤᠰᠢᠭᠤ ᠭᠠᠴᠠᠭ᠎ᠠ᠂ ᠤᠪᠤᠭ᠎ᠠ ᠭᠠᠴᠠᠭ᠎ᠠ᠂ ᠪᠠᠶᠠᠠᠬᠤᠰᠢᠭᠤ ᠭᠠᠴᠠᠭ᠎ᠠ ᠳ᠋ᠥ ᠬᠦᠷᠴᠤ᠂ ᠶᠠᠳ᠋ᠠᠭᠤ ᠡᠴᠨ ᠠᠩᠬᠢᠵᠢᠷᠠᠭᠰᠨᠨ ᠡᠷᠤᠭᠡ ᠶᠢᠨ ᠲᠠᠩᠰᠨ᠂ ᠭᠠᠴᠠᠭ᠎ᠠ ᠱᠠᠳ᠋ᠤᠨ ᠤ ᠲᠠᠩᠰᠨ ᠡᠪᠭᠡᠮᠡᠯ ᠤᠨ ᠮᠠᠲ᠋ᠸᠷᠢᠶᠠᠯ ᠶᠢ ᠨᠠᠷᠢᠯᠢᠭ ᠪᠠᠢ᠌ᠴᠠᠭᠠᠨ ᠦᠵᠡᠵᠤ᠂ ᠲᠠᠬᠢᠨ ᠶᠠᠳ᠋ᠠᠭᠤᠷᠠᠬᠤ ᠶᠢ ᠰᠡᠷᠭᠡᠢ᠌ᠯᠡᠬᠦ᠂ ᠬᠠᠪᠰᠤᠷᠤᠨ ᠲᠠᠳᠬᠦᠬᠦ ᠠᠵᠢᠯ ᠦᠷᠨᠢᠬᠦᠯᠦᠭ᠍ᠰᠨᠨ ᠪᠠᠢ᠌ᠳ᠋ᠠᠯ᠂ ᠠᠶᠤᠯᠳ᠋ᠠᠢ ᠭᠡᠷ ᠪᠠᠢ᠌ᠰᠢᠩ ᠢ ᠵᠠᠰᠠᠵᠤ ᠪᠠᠢ᠌ᠭᠤᠯᠤᠭᠰᠨᠨ᠂ ᠤᠤᠭᠤᠬᠤ ᠤᠰᠤᠨ ᠤ ᠠᠮᠤᠷ ᠲᠦ᠋ᠪᠰᠢᠨ᠂ ᠪᠡᠯᠨ ᠮᠦ᠋ᠩᠬᠦ ᠪᠠᠷ ᠬᠠᠪᠰᠤᠷᠤᠨ ᠲᠠᠳᠬᠦᠭ᠍ᠰᠨᠨ᠂ ᠤᠷᠤᠯᠭ᠎ᠠ ᠵᠡᠷᠭᠡ ᠪᠠᠢ᠌ᠳ᠋ᠠᠯ ᠢ ᠨᠠᠷᠢᠯᠢᠭ ᠤᠢ᠌ᠯᠠᠭᠠᠬᠤ ᠶᠢᠨ ᠬᠠᠮᠳ᠋ᠤ ᠢᠯᠡᠷᠡᠬᠦᠯᠦᠭ᠍ᠰᠨᠨ ᠠᠰᠠᠭᠤᠳ᠋ᠠᠯ ᠳ᠋ᠥ ᠴᠢᠭᠯᠡᠬᠦᠯᠤᠨ ᠲᠤᠬᠠᠢ ᠶᠢᠨ ᠭᠠᠵᠠᠷ ᠲᠣ ᠴᠡᠭ᠍ᠴᠡᠯᠡᠨ ᠵᠠᠰᠠᠬᠤ ᠠᠷᠭ᠎ᠠ ᠠᠪᠴᠠᠯ ᠲᠤᠷᠠᠳᠴᠠᠢ᠃

ᠲᠤᠬᠠᠢ ᠶᠢᠨ ᠭᠠᠵᠠᠷ ᠲᠣ ᠬᠢᠨᠠᠨ ᠪᠠᠢ᠌ᠴᠠᠭᠠᠭᠰᠨᠨ ᠤ ᠲᠠᠷᠠᠭ᠎ᠠ᠂ ᠬᠠᠷᠢᠭᠤ ᠲᠤᠰᠬᠠᠭᠰᠨᠨ ᠰᠠᠭᠤᠳ᠋ᠠᠯ ᠤᠨ ᠬᠤᠷᠠᠯ ᠬᠤᠷᠠᠯᠳ᠋ᠤᠭᠤᠯᠵᠤ᠂ ᠤᠳ᠋ᠤᠬᠠᠨ ᠤ ᠠᠵᠢᠯ ᠲᠤᠮᠳ᠋ᠠ ᠤᠷᠤᠰᠢᠵᠤ ᠪᠠᠢ᠌ᠭ᠎ᠠ ᠠᠰᠠᠭᠤᠳ᠋ᠠᠯ ᠪᠠ ᠲᠠᠷᠠᠭᠠᠴᠢ ᠶᠢᠨ ᠠᠵᠢᠯ ᠳ᠋ᠥ ᠵᠢᠯᠤᠭᠤᠳᠬᠤ ᠴᠢᠨᠠᠷ ᠲᠡᠶ ᠰᠠᠨᠠᠯ ᠰᠠᠨᠠᠭᠤᠯᠭ᠎ᠠ ᠲᠤᠷᠠᠳᠴᠠᠢ᠃
ᠡᠤ ᠴᠢᠩ ᠬᠠᠢ ᠡᠴᠨ᠂ ᠭᠡᠷᠴᠢᠯᠠᠭᠤ ᠰᠤᠮᠤ ᠶᠢᠨ ᠨᠠᠮ ᠵᠠᠰᠠᠭ ᠤᠨ ᠬᠠᠷᠢᠭᠤᠴᠠᠯᠭᠠᠳ᠋ᠠᠨ ᠶᠠᠳ᠋ᠠᠭᠤ ᠡᠴᠨ ᠠᠩᠬᠢᠵᠢᠷᠠᠭᠤᠯᠬᠤ ᠪᠤᠭᠤᠮᠳ᠋ᠠ ᠰᠢᠪᠳ᠋ᠤᠯᠤᠭᠰᠨᠨ ᠦᠷ᠎ᠠ ᠪᠦᠳ᠋ᠤᠭᠡᠯ ᠢ ᠪᠠᠬᠢᠵᠢᠬᠦᠯᠤᠨ ᠦᠷᠭᠡᠳᠭᠡᠬᠦ ᠪᠠ ᠬᠦᠳ᠋ᠡᠭᠡ ᠲᠤᠰᠬᠤᠨ ᠢ ᠬᠦᠭ᠍ᠵᠢᠬᠦᠯᠤᠨ ᠮᠠᠨᠳ᠋ᠤᠭᠤᠯᠬᠤ ᠶᠢ ᠪᠦᠳ᠋ᠤᠮᠵᠢᠳ᠋ᠠᠢ ᠵᠤᠯᠭᠠᠭᠤᠯᠬᠤ ᠠᠵᠢᠯ ᠤᠨ ᠴᠢᠬᠤᠯᠨ ᠴᠢᠨᠠᠷ᠂ ᠡᠬᠦᠷᠭᠡ ᠶᠢᠨ ᠬᠦᠨᠳ᠋ᠤ ᠴᠢᠬᠤᠯᠨ ᠴᠢᠨᠠᠷ ᠶᠢ ᠬᠦᠨᠵᠡᠭᠡᠢ ᠲᠠᠨᠢᠵᠤ᠂ ᠲᠠᠭᠡᠷ᠎ᠠ ᠱᠠᠳ᠋ᠤᠨ ᠤ ᠲᠦ᠋ᠷᠤ ᠶᠢᠨ ᠪᠤᠳ᠋ᠤᠯᠭ᠎ᠠ ᠪᠠ ᠬᠤᠰᠢᠭᠤᠨ ᠤ ᠨᠠᠮ ᠤᠨ ᠬᠤᠷᠢᠶ᠎ᠠ᠂ ᠬᠤᠰᠢᠭᠤᠨ ᠤ ᠵᠠᠰᠠᠭ ᠤᠨ ᠤᠷᠳ᠋ᠤᠨ ᠤ ᠡᠯ᠎ᠠ ᠲᠦ᠋ᠷᠤᠯ ᠤᠨ ᠪᠠᠢ᠌ᠷᠢᠯᠠᠭᠤᠯᠤᠯᠳ᠋ᠠ ᠶᠢᠨ ᠱᠠᠭᠠᠷᠳ᠋ᠠᠯᠭ᠎ᠠ ᠶᠢ ᠴᠢᠩᠭ᠎ᠠ ᠵᠢᠷᠤᠮᠯᠡᠨ᠂ ᠡᠯ᠎ᠠ ᠲᠦ᠋ᠷᠤᠯ ᠤᠨ ᠠᠵᠢᠯ ᠢ ᠡᠮᠬᠢ ᠴᠡᠭ᠍ᠴᠡᠳ᠋ᠠᠢ ᠲᠦ᠋ᠯᠬᠢᠨ ᠠᠬᠢᠭᠤᠯᠬᠤ ᠭᠡᠷᠡᠭ᠍ᠳ᠋ᠡᠢ᠃ ᠡᠷᠤᠭᠡ ᠳ᠋ᠥ ᠤᠷᠤᠵᠤ ᠬᠠᠷᠭᠤᠭᠤᠯᠬᠤ ᠠᠵᠢᠯ᠂ ᠴᠤᠭᠯᠠᠭᠤᠯᠤᠭᠰᠨᠨ ᠮᠡᠳ᠋ᠡᠭᠡ ᠵᠠᠩᠬᠢ ᠶᠢ ᠰᠢᠨᠡᠳᠭᠡᠬᠦ᠂ ᠲᠦ᠋ᠷᠤ ᠶᠢᠨ ᠪᠤᠳ᠋ᠤᠯᠭ᠎ᠠ ᠶᠢ ᠤᠬᠠᠭᠤᠯᠬᠤ᠂ ᠤᠢ᠌ᠯᠡᠴᠢᠯᠡᠭᠡ ᠪᠠᠷ ᠬᠦᠳ᠋ᠤᠯᠤᠨ ᠲᠠᠭᠠᠭᠤᠯᠬᠤ ᠪᠠ ᠭᠠᠴᠠᠭ᠎ᠠ ᠱᠠᠳ᠋ᠤᠨ ᠤ ᠶᠠᠳ᠋ᠠᠭᠤ ᠡᠴᠨ ᠠᠩᠬᠢᠵᠢᠷᠠᠭᠰᠨᠨ ᠡᠷᠤᠭᠡ ᠶᠢᠨ ᠲᠠᠩᠰᠨ ᠡᠪᠭᠡᠮᠡᠯ ᠤᠨ ᠠᠵᠢᠯ ᠢ ᠲᠠᠬᠦᠯᠳ᠋ᠡᠷᠵᠢᠬᠦᠯᠬᠦ ᠠᠵᠢᠯ ᠢ ᠤᠨᠤᠪᠴᠢᠳ᠋ᠠᠢ ᠰᠠᠢ᠌ᠳ᠋ᠤᠷ ᠬᠢᠵᠤ᠂ ᠡᠯ᠎ᠠ ᠲᠦ᠋ᠷᠤᠯ ᠤᠨ ᠠᠵᠢᠯ ᠢ ᠤᠨᠤᠪᠴᠢᠳ᠋ᠠᠢ ᠨᠠᠢ᠌ᠳ᠋ᠠᠪᠤᠷᠢᠵᠢᠭᠤᠯᠵᠤ ᠪᠤᠳ᠋ᠠᠳ᠋ᠠᠢ ᠦᠷ᠎ᠠ ᠪᠦᠳ᠋ᠤᠮᠵᠢ ᠤᠯᠬᠤ ᠶᠢ ᠪᠠᠳ᠋ᠤᠯᠠᠬᠤ ᠭᠡᠷᠡᠭ᠍ᠳ᠋ᠡᠢ᠃ ᠲᠤᠤᠷ᠎ᠠ ᠪᠠᠳ᠋ᠤᠯᠭᠠᠳ᠋ᠤ ᠬᠦᠮᠤᠰ ᠪᠠ ᠦᠯᠡᠳ᠋ᠡᠵᠤ ᠬᠤᠴᠤᠷᠤᠭᠰᠠᠳ᠂ ᠵᠡᠮᠳ᠋ᠡᠭ᠌ ᠬᠦᠮᠤᠨ᠂ ᠬᠦᠳ᠋ᠡᠯᠮᠤᠷᠢᠯᠡᠬᠦ ᠴᠢᠳ᠋ᠠᠪᠤᠷᠢ ᠪᠠᠨ ᠠᠯᠳ᠋ᠠᠭᠰᠨᠳ᠂ ᠭᠠᠮᠰᠢᠭᠳ᠋ᠠᠭᠰᠨᠨ ᠬᠦᠮᠤᠰ ᠤᠨ ᠪᠠᠢ᠌ᠳ᠋ᠠᠯ ᠢ ᠡᠷᠤᠭᠡ ᠳ᠋ᠥ ᠤᠷᠤᠵᠤ ᠪᠠᠢ᠌ᠴᠠᠭᠠᠬᠤ ᠶᠢ ᠦᠷᠬᠦᠯᠵᠢᠯᠠᠨ ᠰᠠᠢ᠌ᠳ᠋ᠤᠷ ᠬᠢᠵᠤ᠂ ᠬᠠᠪᠰᠤᠷᠤᠨ ᠲᠠᠳᠬᠦᠬᠦ ᠠᠷᠭ᠎ᠠ ᠠᠪᠴᠠᠯ ᠬᠠᠩᠭ᠋ᠠᠬᠤ ᠶᠢᠨ ᠬᠠᠮᠳ᠋ᠤ᠂ ᠬᠠᠯᠠᠮᠵᠢᠯᠠᠯ ᠬᠦᠷᠳ᠋ᠡᠭᠡᠨ᠂ ᠦᠵᠡᠯ ᠰᠠᠨᠠᠭᠠᠨ ᠤ ᠲᠠᠯ᠎ᠠ ᠪᠠᠷ ᠢᠯᠡᠬᠦᠭᠡᠨ ᠵᠤᠷᠢᠭᠵᠢᠭᠤᠯᠵᠤ᠂ ᠠᠮᠢᠳ᠋ᠤᠷᠠᠯ ᠤᠨ ᠲᠠᠯ᠎ᠠ ᠪᠠᠷ ᠢᠯᠡᠬᠦᠭᠡᠨ ᠬᠠᠪᠰᠤᠷᠤᠨ᠂ ᠲᠠᠳ᠋ᠠᠨ ᠤ ᠤᠢ᠌ᠯᠡᠳᠪᠤᠷᠢᠯᠡᠯ ᠠᠮᠢᠳ᠋ᠤᠷᠠᠯ ᠲᠤᠮᠳ᠋ᠠ ᠤᠷᠤᠰᠢᠵᠤ ᠪᠠᠢ᠌ᠭ᠎ᠠ ᠬᠦᠴᠢᠷᠳ᠋ᠠᠯ ᠠᠰᠠᠭᠤᠳ᠋ᠠᠯ ᠢ ᠴᠠᠭ ᠲᠤᠬᠠᠢ ᠳ᠋ᠤᠨᠢ ᠰᠢ᠌ᠳᠪᠤᠷᠢᠯᠡᠵᠤ ᠦᠭ᠍ᠬᠦ ᠭᠡᠷᠡᠭ᠍ᠳ᠋ᠡᠢ ᠭᠡᠵᠤ ᠴᠢᠩᠭ᠋ᠠᠳᠬᠠᠵᠠᠢ᠃ (ᠳ᠋ᠠᠢ ᠰᠢᠶᠦ᠋ᠩ)