ᠤᠢ᠌ᠷ᠎ᠠ ᠶᠢᠨ ᠡᠳ᠋ᠤᠷ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠡᠷᠬᠢᠯᠡᠭ᠍ᠴᠢ ᠡᠤ ᠴᠢᠩ ᠬᠠᠢ ᠪᠤᠯᠭᠤᠭᠠᠨ ᠲᠤᠬᠤᠨᠢᠭᠤᠯᠬᠤ ᠠᠵᠢᠯᠯᠠᠭ᠎ᠠ ᠦᠷᠨᠢᠬᠦᠯᠵᠤ᠂ ᠪᠠᠶᠠᠷᠳ᠋ᠤᠬᠤᠰᠢᠭᠤ ᠪᠠᠯᠭᠠᠰᠤᠨ ᠤ ᠨᠠᠰᠤᠳ᠋ᠠᠨ ᠤ ᠠᠰᠠᠷᠠᠮᠵᠢ ᠶᠢᠨ ᠬᠦᠷᠢᠶᠠᠯᠡᠩ ᠤᠨ ᠨᠠᠰᠤᠳ᠋ᠠᠨ ᠵᠢᠴᠢ ᠮᠠᠨ ᠤ ᠬᠤᠰᠢᠭᠤᠨ ᠤ ᠠᠬᠠᠮᠠᠳ ᠺᠠᠲᠷ᠂ ᠬᠠᠷᠠᠭᠠᠯᠵᠠᠬᠤ ᠡᠳ᠋ᠡᠭᠡᠳ᠂ ᠠᠮᠢᠳ᠋ᠤᠷᠠᠯ ᠬᠦᠴᠢᠷᠳ᠋ᠠᠢ ᠴᠡᠷᠢᠭ᠌ ᠡᠴᠨ ᠬᠠᠯᠠᠭᠳ᠋ᠠᠭᠰᠠᠳ ᠪᠠ ᠠᠮᠢᠳ᠋ᠤᠷᠠᠯ ᠬᠦᠴᠢᠷᠳ᠋ᠠᠢ ᠤᠯᠠᠨ ᠲᠦ᠋ᠮᠨᠨ ᠢ ᠪᠤᠯᠭᠤᠭᠠᠨ ᠦᠵᠡᠵᠤ᠂ ᠲᠠᠳ᠋ᠠᠨᠠᠷ ᠲᠣ ᠰᠢᠨ᠎ᠠ ᠵᠢᠯ ᠤᠨ ᠵᠦ᠋ᠩᠨᠡᠯ ᠲᠠᠪᠰᠢᠬᠦᠯᠤᠨ᠂ ᠨᠠᠮ ᠪᠠ ᠵᠠᠰᠠᠭ ᠤᠨ ᠤᠷᠳ᠋ᠤᠨ ᠤ ᠬᠠᠢ᠌ᠷ᠎ᠠ ᠬᠠᠯᠠᠮᠵᠢ ᠶᠢ ᠬᠦᠷᠭᠡᠪᠡ᠃ ᠬᠤᠰᠢᠭᠤᠨ ᠤ ᠤᠯᠤᠰ ᠲᠦ᠋ᠷᠦ ᠶᠢᠨ ᠵᠦ᠋ᠪᠯᠡᠯᠭᠡᠨ ᠦ ᠳᠡᠳ᠋ ᠲᠡᠷᠢᠬᠦᠯᠡᠭ᠍ᠴᠢ ᠳ᠋ᠠᠢ ᠪᠤᠤ ᠯᠢᠨ᠂ ᠬᠤᠰᠢᠭᠤᠨ ᠤ ᠠᠷᠠᠳ ᠤᠨ ᠰᠢᠭᠦᠬᠦ ᠬᠤᠷᠢᠶᠠᠨ ᠤ ᠳᠠᠷᠤᠭ᠎ᠠ ᠲᠤᠩᠭ᠋ᠠᠯᠠᠭ ᠪᠤᠯᠭᠤᠭᠠᠨ ᠲᠤᠬᠤᠨᠢᠭᠤᠯᠬᠤ ᠠᠵᠢᠯᠯᠠᠭ᠎ᠠ ᠳ᠋ᠦ ᠤᠷᠤᠯᠴᠠᠪᠠ᠃

ᠡᠤ ᠴᠢᠩ ᠬᠠᠢ ᠨᠡᠷ ᠪᠠᠰᠨ ᠪᠠᠶᠠᠷᠳ᠋ᠤᠬᠤᠰᠢᠭᠤ ᠪᠠᠯᠭᠠᠰᠤᠨ ᠤ ᠰᠢᠨ᠎ᠠ ᠵᠢᠯ ᠴᠠᠭᠠᠨ ᠰᠠᠷ᠎ᠠ ᠶᠢᠨ ᠡᠮᠤᠨ᠎ᠠ ᠬᠤᠢ᠌ᠨᠠᠬᠢ ᠬᠤᠭᠤᠴᠠᠭᠠᠨ ᠤ ᠠᠶᠤᠯᠬᠦᠢ ᠤᠢ᠌ᠯᠡᠳᠪᠤᠷᠢᠯᠡᠯ ᠪᠠ ᠬᠢᠵᠢᠭ᠌ ᠤᠨ ᠪᠠᠢ᠌ᠳ᠋ᠠᠯ ᠢ ᠰᠡᠷᠭᠡᠢ᠌ᠯᠡᠨ ᠡᠵᠡᠮᠳ᠋ᠡᠬᠦ ᠠᠵᠢᠯ ᠢ ᠪᠠᠢ᠌ᠴᠠᠭᠠᠨ ᠵᠢᠯᠤᠭᠤᠳᠴᠤ᠂ ᠰᠠᠭᠤᠳ᠋ᠠᠯ ᠤᠨ ᠬᠤᠷᠠᠯ ᠬᠤᠷᠠᠯᠳ᠋ᠤᠭᠤᠯᠤᠨ᠂ ᠠᠮᠤᠷ ᠲᠦ᠋ᠪᠰᠢᠨ ᠤ ᠰᠡᠷᠭᠡᠢ᠌ᠯᠡᠨ ᠬᠠᠮᠠᠭᠠᠯᠠᠯᠳ᠋ᠠ ᠶᠢᠨ ᠠᠷᠭ᠎ᠠ ᠠᠪᠴᠠᠯ᠂ ᠲᠤᠬᠠᠢ ᠶᠢᠨ ᠲᠠᠯᠠᠪᠤᠷ ᠤᠨ ᠠᠮᠤᠷ ᠲᠦ᠋ᠪᠰᠢᠨ ᠤ ᠬᠠᠮᠢᠶᠠᠷᠤᠯᠳ᠋ᠠ ᠪᠠ ᠠᠶᠤᠯ ᠲᠦ᠋ᠭ᠍ᠰᠢᠬᠦᠷᠢ ᠶᠢ ᠪᠠᠢ᠌ᠴᠠᠭᠠᠨ ᠵᠠᠰᠠᠬᠤ ᠵᠡᠷᠭᠡ ᠪᠠᠢ᠌ᠳ᠋ᠠᠯ ᠢ ᠨᠠᠷᠢᠯᠢᠭ ᠤᠢ᠌ᠯᠠᠭᠠᠬᠤ ᠶᠢᠨ ᠬᠠᠮᠳ᠋ᠤ᠂ ᠠᠶᠤᠯᠬᠦᠢ ᠤᠢ᠌ᠯᠡᠳᠪᠤᠷᠢᠯᠡᠯ ᠤᠨ ᠠᠵᠢᠯ ᠳ᠋ᠥ ᠪᠤᠳ᠋ᠠᠳ᠋ᠠᠢ ᠱᠠᠭᠠᠷᠳ᠋ᠠᠯᠭ᠎ᠠ ᠲᠤᠷᠠᠳᠪᠠ᠃ ᠡᠤ ᠴᠢᠩ ᠬᠠᠢ᠂ ᠠᠷᠠᠳ ᠲᠦ᠋ᠮᠨᠨ ᠶᠢᠡᠷ ᠭᠤᠤᠯ ᠪᠤᠯᠭᠠᠬᠤ ᠬᠦᠭ᠍ᠵᠢᠯᠳ᠋ᠠ ᠶᠢᠨ ᠰᠡᠳᠬᠢᠴᠨ ᠶᠢ ᠢᠮᠠᠭᠳ᠋ᠠ ᠪᠠᠷᠢᠮᠳ᠋ᠠᠯᠠᠵᠤ᠂ ᠠᠮᠤᠷ ᠲᠦ᠋ᠪᠰᠢᠨ ᠤ ᠴᠢᠪᠬᠠᠳ᠋ᠠᠰᠤ ᠶᠢ ᠴᠠᠭ ᠢᠮᠠᠭᠳ᠋ᠠ ᠴᠢᠩᠭ᠋ᠠᠯᠠᠵᠤ᠂ ᠠᠶᠤᠯᠬᠦᠢ ᠤᠢ᠌ᠯᠡᠳᠪᠤᠷᠢᠯᠡᠯ ᠤᠨ ᠠᠵᠢᠯ ᠢ ᠯᠠᠪᠳ᠋ᠠᠭᠤᠨ ᠪᠠᠳ᠋ᠤᠳ᠋ᠠᠢ ᠰᠠᠢ᠌ᠳ᠋ᠤᠷ ᠬᠢᠵᠤ᠂ ᠠᠮᠤᠷ ᠲᠦ᠋ᠪᠰᠢᠨ ᠤ ᠬᠠᠮᠢᠶᠠᠷᠤᠯᠳ᠋ᠠ ᠶᠢᠨ ᠠᠷᠭ᠎ᠠ ᠠᠪᠴᠠᠯ ᠢ ᠪᠤᠳ᠋ᠠᠳ᠋ᠠᠢ ᠳ᠋ᠥ ᠰᠠᠢ᠌ᠳ᠋ᠤᠷ ᠨᠠᠢ᠌ᠳ᠋ᠠᠪᠤᠷᠢᠵᠢᠭᠤᠯᠤᠨ᠂ ᠠᠮᠤᠷ ᠲᠦ᠋ᠪᠰᠢᠨ ᠤ ᠰᠡᠷᠭᠡᠢ᠌ᠯᠡᠯᠳ᠋ᠠ ᠶᠢᠨ ᠱᠤᠭᠤᠮ ᠢ ᠪᠦᠬᠦ ᠲᠠᠯ᠎ᠠ ᠪᠠᠷ ᠪᠠᠬᠢᠵᠢᠬᠦᠯᠬᠦ ᠭᠡᠷᠡᠭ᠍ᠳ᠋ᠡᠢ ᠭᠡᠵᠤ ᠱᠠᠭᠠᠷᠳ᠋ᠠᠵᠠᠢ᠃ (ᠳ᠋ᠠᠢ ᠰᠢᠶᠦ᠋ᠩ)