ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠶᠢᠨ ᠤᠳ᠋ᠤᠷᠢᠳ᠋ᠤᠯᠭ᠎ᠠ ᠪᠤᠯᠭᠤᠭᠠᠨ ᠲᠤᠬᠤᠨᠢᠭᠤᠯᠬᠤ ᠠᠵᠢᠯᠯᠠᠭ᠎ᠠ ᠦᠷᠨᠢᠬᠦᠯᠪᠡ

ᠤᠢ᠌ᠷ᠎ᠠ ᠳ᠋ᠥ᠂ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶ᠎ᠠ ᠶᠢᠨ ᠡᠷᠬᠢᠯᠡᠭ᠍ᠴᠢ ᠡᠤ ᠴᠢᠩ ᠬᠠᠢ᠂ ᠲᠠᠳ᠋ ᠡᠷᠬᠢᠯᠡᠭ᠍ᠴᠢ ᠪᠤᠤ ᠯᠦ᠋ᠩ᠂ ᠼᠦ᠋ᠢ ᠯᠸᠢ ᠯᠸᠢ᠂ ᠵᠠᠩ ᠶᠦ᠋ᠩ ᠴᠢᠶᠠᠩ᠂ ᠵᠠᠩ ᠴᠦ᠋ᠨ ᠡᠾᠦ᠋ᠢ᠂ ᠨᠠᠷᠢᠨ ᠪᠢᠴᠢᠭ᠌ ᠤᠨ ᠲᠠᠷᠤᠭ᠎ᠠ ᠯᠢ ᠴᠸᠩ ᠬᠦᠸᠸ ᠬᠤᠰᠢᠭᠤᠨ ᠤ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠠᠵᠢᠯ ᠡᠴᠨ ᠪᠠᠨ ᠠᠮᠠᠷᠠᠭᠰᠨᠨ ᠠᠬᠠᠮᠠᠳ ᠺᠠᠳ᠋ᠷ ᠪᠠ ᠬᠤᠭᠤᠴᠠᠭ᠎ᠠ ᠪᠦᠷᠢ ᠶᠢᠨ ᠪᠦᠬᠦ ᠤᠯᠤᠰ ᠤᠨ ᠠᠷᠠᠳ ᠤᠨ ᠲᠦ᠋ᠯᠤᠭᠡᠯᠡᠭ᠍ᠴᠢ ᠶᠢ ᠪᠤᠯᠭᠤᠭᠠᠨ ᠦᠵᠡᠵᠤ᠂ ᠲᠠᠳ᠋ᠠᠨᠠᠷ ᠲᠣ ᠠᠷᠠᠳ ᠤᠨ ᠲᠦ᠋ᠯᠤᠭᠡᠯᠡᠭ᠍ᠴᠢᠳ ᠤᠨ ᠶᠡᠭᠡ ᠬᠤᠷᠠᠯ ᠤᠨ ᠬᠠᠯᠠᠮᠵᠢᠯᠠᠯ ᠪᠠ ᠰᠢᠨ᠎ᠠ ᠵᠢᠯ ᠤᠨ ᠵᠦ᠋ᠩᠨᠡᠯ ᠬᠦᠷᠭᠡᠪᠡ᠃
ᠡᠤ ᠴᠢᠩ ᠬᠠᠢ ᠡᠴᠨ ᠪᠠᠷ᠎ᠠ ᠪᠤᠯᠤᠭᠰᠠᠳ ᠲᠣ᠂ ᠠᠵᠢᠯ ᠡᠴᠨ ᠪᠠᠨ ᠠᠮᠠᠷᠠᠭᠰᠨᠨ ᠠᠬᠠᠮᠠᠳ ᠺᠠᠳ᠋ᠷ ᠪᠤᠯᠤᠨ ᠬᠤᠭᠤᠴᠠᠭ᠎ᠠ ᠪᠦᠷᠢ ᠶᠢᠨ ᠪᠦᠬᠦ ᠤᠯᠤᠰ ᠤᠨ ᠠᠷᠠᠳ ᠤᠨ ᠲᠦ᠋ᠯᠤᠭᠡᠯᠡᠭ᠍ᠴᠢ ᠶᠢ ᠢᠯᠡᠬᠦᠤ ᠬᠠᠯᠠᠮᠵᠢᠯᠠᠨ ᠬᠠᠷᠠᠭᠠᠯᠵᠠᠬᠤ ᠭᠡᠷᠡᠭ᠍ᠳ᠋ᠡᠢ᠃ ᠲᠠᠳ᠋ᠨ ᠪᠤᠯ ᠮᠠᠨ ᠤ ᠪᠠᠳ᠋ᠤ ᠪᠡᠬᠢ ᠠᠷᠤ ᠲᠦ᠋ᠰᠢᠭ᠌ ᠪᠦᠭᠡᠳ ᠲᠤᠷᠰᠢᠯᠭ᠎ᠠ ᠤᠯᠠᠮᠵᠢᠯᠠᠭᠴᠢ ᠮᠦ᠋ᠷᠳ᠋ᠡᠭᠡᠨ ᠨᠠᠮ ᠪᠠ ᠠᠷᠠᠳ ᠲᠦ᠋ᠮᠨᠨ ᠤ ᠠᠵᠢᠯ ᠤᠢ᠌ᠯᠡᠰ ᠲᠣ ᠬᠤᠪᠢ ᠪᠠᠶ᠎ᠠ ᠶᠢᠨ ᠬᠦᠴᠤ ᠬᠦᠯᠤᠰᠤ ᠪᠠᠨ ᠤᠷᠤᠰᠬᠠᠭᠰᠠᠨ ᠬᠦᠮᠦᠰ ᠶᠤᠮ᠃ ᠶᠠᠳ᠋ᠠᠭᠤ ᠬᠦᠴᠢᠷᠳ᠋ᠠᠢ ᠨᠠᠮ ᠤᠨ ᠭᠡᠰᠢᠬᠦᠨ᠂ ᠠᠬᠠᠮᠠᠳ ᠨᠠᠮ ᠤᠨ ᠭᠡᠰᠢᠬᠦᠨ ᠪᠠ ᠺᠠᠳ᠋ᠷ ᠢ ᠬᠠᠯᠠᠮᠵᠢᠯᠠᠨ ᠬᠠᠷᠠᠭᠠᠯᠵᠠᠵᠤ ᠬᠠᠪᠰᠤᠷᠤᠨ᠂ ᠴᠢᠩ ᠦᠨᠡᠨᠴᠢ ᠰᠡᠳᠬᠢᠯ ᠶᠢᠡᠷ ᠦᠨᠳ᠋ᠤᠰᠤᠨ ᠱᠠᠳ᠋ᠤᠨ ᠳ᠋ᠥ ᠪᠠ ᠠᠷᠠᠳ ᠲᠦ᠋ᠮᠨᠨ ᠤ ᠲᠤᠮᠳ᠋ᠠ ᠬᠦᠨᠵᠡᠭᠡᠢ᠌ᠷᠡᠵᠤ᠂ ᠪᠤᠯᠭᠤᠭᠠᠨ ᠲᠤᠬᠤᠨᠢᠭᠤᠯᠬᠤ ᠠᠵᠢᠯᠯᠠᠭ᠎ᠠ ᠦᠷᠨᠢᠬᠦᠯᠤᠨ᠂ ᠨᠠᠮ ᠤᠨ ᠭᠡᠰᠢᠬᠦᠨ᠂ ᠺᠠᠳ᠋ᠷ ᠪᠠ ᠤᠯᠨᠨ ᠲᠦ᠋ᠮᠨᠨ ᠤ ᠦᠵᠡᠯ ᠰᠠᠨᠠᠭ᠎ᠠ ᠶᠢ ᠤᠳ᠋ᠤᠷᠢᠳ᠋ᠤᠨ ᠵᠢᠯᠤᠭᠤᠳᠴᠤ ᠰᠠᠨᠠᠯ ᠶᠢᠡᠨ ᠰᠤᠯᠢᠯᠴᠠᠵᠤ᠂ ᠲᠠᠳ᠋ᠠᠨᠠᠷ ᠤᠨ ᠬᠦᠰᠡᠨ ᠪᠤᠳ᠋ᠤᠵᠤ ᠪᠠᠢ᠌ᠭ᠎ᠠ ᠤᠴᠢᠷ ᠶᠠᠪᠤᠳ᠋ᠠᠯ ᠪᠠ ᠲᠤᠯᠭᠠᠷᠠᠭᠰᠨᠨ ᠬᠦᠴᠢᠷᠳ᠋ᠠᠯ ᠢ ᠬᠠᠨᠳ᠋ᠤᠯᠭᠠᠳ᠋ᠤ ᠴᠢᠨᠠᠷ ᠲᠡᠶ ᠪᠠᠷ ᠰᠢ᠌ᠳᠪᠤᠷᠢᠯᠡᠨ ᠦᠭ᠍ᠴᠤ ᠤᠨᠤᠴᠢᠳ᠋ᠠᠢ ᠪᠠᠷ ᠬᠠᠯᠠᠮᠵᠢᠯᠠᠬᠤ ᠶᠢ ᠪᠠᠶᠡᠯᠡᠬᠦᠯᠬᠦ ᠭᠡᠷᠡᠭ᠍ᠳ᠋ᠡᠢ ᠭᠡᠵᠤ ᠱᠠᠭᠠᠷᠳ᠋ᠠᠵᠠᠢ᠃ (ᠳ᠋ᠠᠢ ᠰᠢᠶᠦ᠋ᠩ)



